摘要 |
20᠋ ᠳᠤᠭᠠᠷ ᠵᠠᠭᠤᠨ ᠤ ᠮᠣᠩ᠋ᠭᠤᠯ ᠤᠷᠠᠨ ᠵᠤᠬᠢᠶᠠᠯ ᠤᠨ ᠨᠡᠢ᠌ᠭᠡᠮ ᠦᠨ ᠱᠤᠭ ᠰᠢᠯᠦᠭ ᠦᠨ ᠲᠦᠷᠦᠯ ᠵᠤᠢ᠌ᠯ ᠢ ᠠᠭᠤᠯᠭ᠎ᠠ ᠬᠡᠯᠪᠡᠷᠢ ᠶᠢᠨ ᠬᠤᠪᠢ ᠳᠤ ᠦᠪᠡᠷ ᠦᠨ ᠦᠪᠡᠷᠮᠢᠴᠡ ᠳᠠᠭᠤᠤ ᠬᠤᠭᠤᠯᠠᠢ ᠪᠠᠷ ᠢᠶᠠᠨ ᠪᠠᠶᠠᠯᠢᠭᠵᠢᠭᠤᠯᠤᠭᠰᠠᠨ ᠵᠤᠬᠢᠶᠠᠯᠴᠢ ᠶᠢᠨ ᠨᠢᠭᠡ ᠨᠢ ᠲ᠌᠂ ᠯᠤᠪᠰᠠᠩ ᠪᠠᠢ᠌ᠭ᠎ᠠ ᠶᠤᠮ᠃ ᠲᠡᠷᠡ ᠪᠡᠷ 《ᠶᠤᠷᠤᠭ ᠶᠤᠩ᠋ᠬᠤᠨ》ᠭᠡᠳᠡᠭ ᠱᠤᠭ ᠰᠢᠯᠦᠭ ᠢᠶᠡᠨ 《ᠶᠤᠷᠤᠭ ᠳᠤᠷᠳᠤᠩ》ᠰᠢᠭ ᠬᠡᠢ᠌ᠰᠳᠡᠭ ᠵᠠᠯᠠᠭᠤ 《ᠬᠤᠪᠢᠰᠬᠠᠯᠴᠢ》᠋ ᠶᠢᠨ ᠬᠠᠭᠤᠷᠮᠠᠭ ᠭᠤᠶᠤ ᠭᠠᠩ᠋ᠭᠠᠩ ᠪᠠᠢ᠌ᠳᠠᠯ ᠤᠨ ᠴᠠᠭᠠᠨ᠎ᠠ ᠪᠠᠢ᠌ᠭ᠎ᠠ ᠪᠤᠵᠠᠷ ᠪᠤᠯᠠᠢ ᠪᠠᠯᠠᠮᠠᠳ ᠰᠦᠷᠬᠡᠦ ᠦᠵᠡᠭᠳᠡᠯ ᠢ ᠲᠤᠳᠤᠷᠬᠠᠢ ᠪᠠᠢ᠌ᠷᠢ ᠰᠠᠭᠤᠷᠢᠨ ᠠᠴᠠ ᠡᠷᠡᠰ ᠬᠤᠷᠴᠠ ᠪᠠᠷ ᠱᠤᠭᠯᠠᠨ ᠰᠢᠭᠦᠮᠵᠢᠯᠡᠵᠦ᠂ ᠣᠯᠠᠨ ᠲᠦᠮᠡᠨ ᠳᠦ ᠵᠢᠭ᠍ᠰᠢᠭᠦᠯᠬᠦ ᠪᠡᠷ ᠪᠢᠴᠢᠭᠰᠡᠨ ᠤᠴᠢᠷ 《ᠶᠤᠷᠤᠭ ᠶᠤᠩ᠋ᠬᠤᠨ》᠋ ᠢ ᠨᠡᠢ᠌ᠭᠡᠮ ᠤᠨ ᠱᠤᠭ ᠵᠤᠬᠢᠶᠠᠯ ᠭᠡᠵᠦ ᠦᠵᠡᠬᠦ ᠪᠦᠷᠢᠨ ᠦᠨᠳᠦᠰᠦ ᠲᠡᠢ ᠶᠤᠮ᠃ |