题名 |
ᠬᠡᠯᠡᠨ ᠤ ᠮᠠᠲ᠋ᠸᠷᠢᠶᠠᠯ ᠤᠨ ᠰᠠᠩ ᠳᠤ ᠰᠠᠭᠤᠷᠢᠯᠠᠭᠰᠠᠨ ᠮᠤᠩᠭ᠋ᠤᠯ ᠤᠷᠴᠢᠭᠤᠯᠭ᠎ᠠ ᠰᠤᠳᠤᠯᠤᠯ ᠢ ᠬᠦᠭ᠍ᠵᠢᠭᠦᠯᠬᠦ ᠲᠤᠬᠠᠢ — ᠮᠦᠸᠸ ᠶᠠᠨ ᠤ 《 ᠮᠡᠨᠡᠬᠡᠢ 》 ᠶᠢᠨ ᠮᠤᠩᠭ᠋ᠤᠯ ᠤᠷᠴᠢᠭᠤᠯᠭ᠎ᠠ ᠪᠡᠷ ᠵᠢᠱᠢᠶᠡᠯᠡᠬᠦ ᠨᠢ |
作者 |
ᠪᠤᠯᠤᠷ |
关键词 |
ᠬᠡᠯᠡᠨ ᠤ ᠮᠠᠲ᠋ᠸᠷᠢᠶᠠᠯ ᠤᠨ ᠰᠠᠩ; ᠮᠡᠨᠡᠬᠡᠢ; ᠮᠤᠩᠭ᠋ᠤᠯ ᠤᠷᠴᠢᠭᠤᠯᠭ᠎ᠠ |
摘要 |
ᠤᠷᠴᠢᠭᠤᠯᠭ᠎ᠠ ᠪᠤᠯ ᠬᠡᠯᠡ ᠪᠤᠯᠤᠨ ᠰᠤᠶᠤᠯ ᠠᠯᠤᠰᠯᠠᠭᠰᠠᠨ ᠨᠢᠭᠡ ᠵᠦᠢᠯ ᠤᠨ ᠬᠠᠷᠢᠯᠴᠠᠭᠠᠨ ᠤ ᠪᠠᠭᠠᠵᠢ ᠶᠤᠮ᠃ ᠤᠷᠴᠢᠭᠤᠯᠭ᠎ᠠ ᠳᠤ ᠤᠷᠴᠢᠭᠤᠯᠭ᠎ᠠ ᠶᠢᠨ ᠵᠤᠷᠢᠯᠭ᠎ᠠ᠂ ᠤᠩᠰᠢᠭᠴᠢ ᠬᠢᠭᠡᠳ ᠬᠡᠯᠡᠨ ᠤ ᠵᠦᠷᠢᠶ᠎ᠡ ᠵᠡᠷᠭᠡ ᠡᠯᠸᠮᠸᠨ᠋ᠲ᠋ ᠡᠴᠡ ᠰᠢᠯᠳᠠᠭᠠᠯᠠᠵᠤ᠂ ᠤᠷᠴᠢᠭᠤᠯᠤᠭᠴᠢ ᠡᠴᠡ ᠠᠳᠠᠯᠢ ᠪᠤᠰᠤ ᠶᠢᠨ ᠤᠷᠴᠢᠭᠤᠯᠭ᠎ᠠ ᠶᠢᠨ ᠠᠷᠭ᠎ᠠ ᠶᠢ ᠰᠤᠩᠭ᠋ᠤᠨ ᠬᠡᠷᠡᠭᠯᠡᠳᠡᠭ᠃ ᠲᠤᠰ ᠦᠭᠦᠯᠡᠯ ᠳᠤ ᠮᠠᠲ᠋ᠸᠷᠢᠶᠠᠯ ᠤᠨ ᠰᠠᠩ ᠤᠨ ᠬᠡᠯᠡ ᠰᠢᠨᠵᠢᠯᠡᠯ ᠤᠨ ᠠᠷᠭ᠎ᠠ ᠶᠢ ᠠᠰᠢᠭᠯᠠᠵᠤ᠂ 《 ᠮᠡᠨᠡᠬᠡᠢ 》 ᠶᠢᠨ ᠬᠢᠳᠠᠳ ᠦᠭᠦᠯᠡᠪᠦᠷᠢ ᠶᠢ ᠮᠤᠩᠭ᠋ᠤᠯᠴᠢᠯᠠᠭᠰᠠᠨ ᠦᠭᠦᠯᠡᠪᠦᠷᠢ ᠲᠠᠢ ᠨᠢ ᠵᠡᠷᠭᠡᠴᠡᠭᠦᠯᠦᠭᠰᠡᠨ ᠬᠡᠯᠡᠨ ᠤ ᠮᠠᠲ᠋ᠸᠷᠢᠶᠠᠯ ᠤᠨ ᠰᠠᠩ ᠪᠠᠢ᠌ᠭᠤᠯᠤᠭᠰᠠᠨ ᠤ ᠰᠠᠭᠤᠷᠢᠨ ᠲᠡᠭᠡᠷ᠎ᠡ᠂ ᠲᠤᠭᠠᠨ ᠤ ᠪᠦᠷᠢᠳᠭᠡᠯ ᠬᠢᠭᠡᠳ ᠤᠨᠤᠯ ᠤᠨ ᠵᠠᠳᠠᠯᠤᠯᠳᠠ ᠶᠢ ᠤᠶᠠᠯᠳᠤᠭᠤᠯᠵᠤ᠂ 《 ᠮᠡᠨᠡᠬᠡᠢ 》 ᠶᠢᠨ ᠮᠤᠩᠭ᠋ᠤᠯ ᠤᠷᠴᠢᠭᠤᠯᠭ᠎ᠠ ᠳᠤ ᠬᠡᠷᠡᠭᠯᠡᠭᠰᠡᠨ ᠤᠷᠴᠢᠭᠤᠯᠭ᠎ᠠ ᠶᠢᠨ ᠠᠷᠭ᠎ᠠ ᠳᠤ ᠵᠠᠳᠠᠯᠤᠯᠳᠠ ᠰᠢᠨᠵᠢᠯᠡᠯᠳᠡ ᠬᠢᠪᠡ᠃ |
原文 |
查看原文
|
出自 |
中国蒙古学
2016年
第1期
|