摘要 |
ᠮᠠᠨ ᠤ ᠣᠷᠤᠨ ᠤ ᠠᠯᠳᠠᠷᠲᠤ ᠵᠤᠬᠢᠶᠠᠯᠴᠢ᠂ ᠣᠷᠴᠢᠭᠤᠯᠤᠭᠴᠢ ᠭᠡᠷᠡᠯᠴᠤᠭᠲᠤ ᠭᠤᠸᠠᠢ᠂ ᠲᠡᠭᠦᠨ ᠦ ᠵᠤᠬᠢᠶᠠᠨ ᠪᠦᠲᠦᠭᠡᠯᠲᠡ ᠶᠢᠨ ᠭᠤᠴᠢᠭᠠᠳ ᠵᠢᠯ ᠦᠨ ᠪᠦᠲᠦᠭᠡᠯᠴᠢ ᠦᠢᠯᠡᠳᠦᠯᠭᠡ ᠳᠤᠮᠳᠠ ᠪᠠᠨ ᠵᠤᠬᠢᠶᠠᠨ ᠪᠦᠲᠦᠭᠡᠯᠲᠡ ᠶᠢᠨ ᠦᠪᠡᠷᠮᠢᠴᠡ ᠬᠡᠪ ᠨᠠᠮᠪᠠ ᠪᠠᠨ ᠪᠦᠷᠢᠯᠳᠦᠭᠦᠯᠦᠨ ᠲᠦᠯᠦᠪᠵᠢᠭᠦᠯᠵᠦ᠂ ᠮᠠᠨ ᠤ ᠦᠨᠳᠦᠰᠦᠲᠡᠨ ᠦ ᠰᠤᠶᠤᠯ ᠤᠨ ᠬᠦᠮᠦᠷᠭᠡ ᠳᠦ ᠦᠨ᠎ᠡ ᠴᠠᠨ᠎ᠠ ᠲᠠᠢ ᠬᠤᠪᠢ ᠨᠡᠮᠡᠷᠢ ᠣᠷᠤᠭᠤᠯᠵᠠᠢ᠃ ᠨᠦᠬᠦᠷ ᠭᠡᠷᠡᠯᠴᠤᠭᠲᠤ᠂ ᠮᠣᠩᠭᠤᠯ ᠦᠨᠳᠦᠰᠦᠲᠡᠨ ᠦ ᠠᠷᠠᠳ ᠲᠦᠮᠡᠨ ᠦ ᠠᠮᠢᠳᠤᠷᠠᠯ ᠤᠨ ᠦᠩ ᠰᠢᠮᠡᠯᠢᠭ ᠬᠦᠷᠦᠰᠦᠨ ᠳᠦ ᠭᠦᠨ᠎ᠡ ᠦᠨᠳᠦᠰᠦᠯᠡᠵᠦ᠂ ᠤᠭᠤᠷᠠᠭ ᠲᠡᠵᠢᠭᠡᠯ ᠬᠦᠷᠲᠡᠭᠰᠡᠨ ᠢᠶᠡᠷ ᠤᠷᠠᠯᠠᠨ ᠪᠦᠲᠦᠭᠡᠭᠰᠡᠨ ᠳᠦᠷᠢ ᠨᠦᠬᠦᠳ ᠨᠢ ᠮᠠᠷᠲᠠᠭᠳᠠᠰᠢ ᠦᠭᠡᠢ ᠰᠠᠭᠤᠭᠳᠠᠯ ᠲᠠᠢ᠂ ᠵᠢᠷᠤᠭᠯᠠᠨ ᠬᠠᠷᠠᠭᠤᠯᠤᠭᠰᠠᠨ ᠠᠮᠢᠳᠤᠷᠠᠯ ᠨᠢ ᠦᠩᠭᠡ ᠪᠤᠳᠤᠭ ᠢᠯᠭᠠᠷᠠᠵᠤ᠂ ᠦᠨᠳᠦᠰᠦᠲᠡᠨ ᠦ ᠬᠡᠪ ᠨᠠᠮᠪᠠ ᠪᠠᠷ ᠢᠯᠡ ᠲᠤᠳᠤ ᠪᠠᠢᠳᠠᠭ᠃ |