题名 |
ᠮᠤᠩᠭ᠋ᠤᠯ ᠡᠸᠦ᠋ᠷᠦᠫᠡ ᠶᠢ ᠤᠶᠠᠯᠳᠤᠭᠤᠯᠤᠨ ᠲᠠᠷᠢᠬᠢᠨ ᠤ ᠪᠦᠯᠦᠩᠨᠡᠯ ᠢ ᠡᠮᠨᠡᠨ ᠵᠠᠰᠠᠬᠤ ᠡᠮᠴᠢᠯᠡᠭᠡᠨ ᠤ ᠰᠤᠳᠤᠯᠭ᠎ᠠ |
作者 |
ᠪᠤᠤ ᠵᠢᠨ ᠷᠦᠩ; ᠡᠷᠳᠡᠨᠢᠴᠢᠯᠠᠭᠤ |
关键词 |
ᠲᠠᠷᠢᠬᠢᠨ ᠤ ᠪᠦᠯᠦᠩᠨᠡᠯ; ᠮᠤᠩᠭ᠋ᠤᠯ ᠡᠸᠦ᠋ᠷᠦᠫᠡ ᠡᠮᠨᠡᠯᠭᠡ ᠶᠢ ᠤᠶᠠᠯᠳᠤᠭᠤᠯᠬᠤ; ᠡᠮᠨᠡ ᠵᠠᠰᠠᠬᠤ |
摘要 |
ᠮᠤᠩᠭ᠋ᠤᠯ ᠡᠸᠦ᠋ᠷᠦᠫᠡ ᠡᠮᠨᠡᠯᠭᠡ ᠶᠢ ᠤᠶᠠᠯᠳᠤᠭᠤᠯᠤᠨ 100 ᠵᠢᠱᠢᠶ᠎ᠡ ᠲᠠᠷᠢᠬᠢᠨ ᠤ ᠪᠦᠯᠦᠩᠨᠡᠯ ᠢ ᠡᠮᠨᠡᠨ ᠵᠠᠰᠠᠬᠤ ᠡᠮᠴᠢᠯᠡᠭᠡᠨ ᠤ ᠠᠴᠢ ᠲᠤᠰᠠ ᠶᠢ ᠦᠨᠡᠯᠡᠨ᠎ᠡ᠂ ᠲᠠᠷᠤᠢ ᠮᠤᠩᠭ᠋ᠤᠯ ᠡᠮ ᠡᠷᠳᠡᠨᠢ ᠦᠷᠢᠯ ᠪᠠ ᠭᠠᠷᠤᠳᠢ﹣12(ᠪᠦᠷ ᠨᠢᠭᠡᠳᠦᠭᠡᠷ ᠵᠤᠷ) ᠪᠡᠷ ᠭᠤᠤᠯ ᠪᠤᠯᠭᠠᠨ ᠡᠪᠡᠳᠴᠢᠨ ᠤ ᠪᠤᠳᠠᠳᠤ ᠪᠠᠢ᠌ᠳᠠᠯ ᠳᠤ ᠴᠢᠭ᠍ᠯᠡᠭᠦᠯᠦᠨ ᠪᠤᠰᠤᠳ ᠡᠮ ᠢ ᠨᠡᠮᠡᠵᠦ ᠡᠸᠦ᠋ᠷᠦᠫᠡ ᠡᠮᠨᠡᠯᠭᠡ ᠶᠢᠨ ᠡᠩ ᠤᠨ ᠵᠠᠰᠠᠬᠤ ᠠᠷᠭ᠎ᠠ ᠲᠠᠢ ᠤᠶᠠᠯᠳᠤᠭᠤᠯᠤᠨ ᠡᠮᠨᠡᠨ ᠵᠠᠰᠠᠭᠰᠠᠨ ᠡᠮᠴᠢᠯᠡᠭᠡᠨ ᠤ ᠦᠷ᠎ᠡ ᠳ᠋ᠦᠩ ᠢ ᠡᠮᠴᠢᠯᠡᠬᠦ ᠡᠴᠡ ᠡᠮᠦᠨᠡᠬᠢ ᠲᠠᠢ ᠬᠠᠷᠢᠴᠠᠭᠤᠯᠪᠠ᠃ ᠡᠭᠦᠨ ᠤ ᠳ᠋ᠦᠩ ᠳᠤ᠂ ᠶᠡᠷᠦᠩᠬᠡᠢ ᠲᠤᠰᠠᠯᠠᠭᠰᠠᠨ ᠨᠤᠷᠮ᠎ᠠ ᠨᠢ 95.99% ᠳᠤ ᠬᠦᠷᠦᠭᠰᠡᠨ ᠪᠠᠢ᠌ᠨ᠎ᠠ᠃ ᠮᠡᠳᠡᠷᠡᠯ ᠤᠨ ᠴᠢᠳᠠᠪᠤᠷᠢ ᠶᠢᠨ ᠵᠡᠷᠡᠮᠳᠡᠭ ᠤᠨ ᠬᠡᠮᠵᠢᠶ᠎ᠡ᠂ ᠡᠪᠡᠳᠴᠢᠳᠡᠨ ᠤ ᠶᠡᠷᠦᠩᠬᠡᠢ ᠠᠮᠢᠳᠤᠷᠠᠯ ᠤᠨ ᠴᠢᠳᠠᠪᠤᠷᠢ ᠶᠢᠨ ᠪᠠᠢ᠌ᠳᠠᠯ᠂ ᠡᠳᠦᠷ ᠲᠤᠳᠤᠮ ᠤᠨ ᠠᠮᠢᠳᠤᠷᠠᠯ ᠤᠨ ᠴᠢᠳᠠᠪᠤᠷᠢ ᠪᠠ ᠮᠤᠩᠭ᠋ᠤᠯ ᠡᠮᠨᠡᠯᠭᠡ ᠶᠢᠨ ᠰᠢᠨᠵᠢ ᠲᠡᠮᠳᠡᠭ ᠤᠨ ᠰᠠᠢ᠌ᠵᠢᠷᠠᠯᠳᠠ ᠨᠢ ᠡᠮᠨᠡᠨ ᠵᠠᠰᠠᠬᠤ ᠡᠴᠡ ᠡᠮᠦᠨ᠎ᠡ ᠬᠤᠢ᠌ᠨ᠎ᠠ ᠦᠪᠡᠷ ᠵᠠᠭᠤᠷ᠎ᠠ ᠨᠢ ᠬᠠᠷᠢᠴᠠᠭᠤᠯᠤᠭᠰᠠᠨ ᠤ ᠳ᠋ᠦᠩ ᠳᠤ ᠪᠦᠷ ᠢᠯᠡᠷᠬᠡᠢ ᠵᠦᠷᠢᠶ᠎ᠡ ᠲᠠᠢ(P<0.01)᠃ |
原文 |
查看原文
|
出自 |
内蒙古民族大学学报(蒙医药学)
2013年
第2期
|