摘要 |
1985 ᠣᠨ ᠳ᠋ᠤ᠂ ᠪᠢ ᠮᠣᠩᠭᠤᠯ《ᠭᠡᠰᠡᠲ ᠤᠨ ᠲᠤᠭᠤᠵᠢ》 ᠶᠢᠨ ᠡᠬᠢ ᠰᠤᠷᠪᠤᠯᠵᠢ ᠶᠢᠨ ᠲᠣᠬᠠᠢ ᠤᠬᠤᠷ ᠦᠬᠦᠯᠡᠯ ᠪᠢᠴᠢᠵᠦ᠂ ᠮᠣᠩᠭᠤᠯ ᠲᠦᠪᠡᠳ 《ᠭᠡᠰᠡᠷ》 ᠪᠣᠯ 《ᠡᠬᠢᠨᠢᠭᠡᠳᠢ ᠰᠠᠯᠪᠤᠷᠢ ᠤᠷᠤᠰᠬᠠᠯ 》ᠭᠡᠬᠦ ᠰᠠᠨᠠᠯ ᠢ ᠲᠠᠮᠵᠢᠭᠰᠡᠨ ᠪᠠᠢᠨ᠎ᠠ᠃ ᠭᠡᠪᠡᠴᠦ ᠤᠢᠷ ᠠ ᠶᠢᠨ ᠭᠡᠳᠦᠨ ᠵᠢᠯ ᠳ᠋ᠤ ᠮᠣᠩᠭᠤᠯ ᠲᠦᠪᠡᠳ 《ᠭᠡᠰᠡᠷ》 ᠢ ᠨᠢᠭᠲᠠ ᠬᠠᠷᠢᠴᠠᠭᠤᠯᠤᠨ ᠰᠢᠨᠵᠢᠭᠰᠡᠨ ᠤ ᠳ᠋ᠦᠩ ᠳ᠋ᠤ᠂ ᠮᠣᠩᠭᠤᠯ 《ᠭᠡᠰᠡᠷ》 ᠪᠣᠯ ᠠᠩᠬ ᠠ ᠡᠬᠢᠨ ᠳ᠋ᠡᠭᠡᠨ ᠲᠦᠪᠡᠳ ᠡᠴᠡ ᠤᠯᠠᠮᠵᠢᠯᠠᠨ ᠤᠷᠤᠵᠤ ᠢᠷᠡᠭᠰᠡᠨ ᠭᠡᠳᠡᠭ ᠳ᠋ᠦᠩᠨᠡᠯᠲᠡ ᠵᠢ ᠤᠯᠤᠭᠰᠠᠨ ᠪᠠᠢᠨ᠎ᠠ᠃ ᠲᠣᠬᠠᠢ ᠶᠢᠨ ᠦᠶ ᠠ ᠳ᠋ᠦ ᠪᠢᠳᠡ ᠪᠠᠰᠠ 《ᠭᠡᠰᠡᠷ》 ᠤᠨ ᠡᠬᠢ ᠰᠤᠷᠪᠤᠯᠵᠢ ᠪᠣᠯ ᠲᠦᠪᠡᠳ ᠲᠦ ᠪᠤᠢ ᠭᠡᠰᠡᠨ ᠢ ᠦᠭᠡᠢᠰᠭᠡᠭᠰᠡᠨ ᠪᠢᠰᠢ᠂ ᠭᠤᠤᠯ ᠨᠢ 《ᠡᠬᠢᠯᠡᠵᠦ ᠪᠤᠢ ᠪᠤᠯᠤᠮᠠᠭᠴᠠ ᠮᠣᠩᠭᠤᠯ ᠲᠦᠪᠡᠳ ᠤᠨ ᠠᠷᠠᠳ ᠲᠦᠮᠡᠨ ᠤ ᠲᠤᠮᠳᠠ ᠬᠠᠮᠲᠤ ᠳ᠋ᠤᠨᠢ ᠤᠯᠠᠮᠵᠢᠯᠠᠨ ᠲᠡᠯᠭᠡᠷᠡᠭᠰᠡᠨ》ᠪᠠᠢᠬᠤ ᠭᠡᠵᠦ ᠦᠵᠡᠭᠡᠳ《ᠡᠬᠢ ᠨᠢᠭᠡᠳᠡᠢ ᠰᠠᠯᠪᠤᠷᠢ ᠤᠷᠤᠰᠬᠠᠯ》ᠭᠡᠬᠦ ᠰᠠᠨᠠᠯ ᠢ ᠲᠡᠮᠵᠢᠭᠰᠡᠨ ᠶᠣᠮ᠃ ᠡᠦᠦᠭᠡ ᠪᠢᠳᠡᠨᠡᠬᠦ《ᠲᠠᠬᠢᠨ ᠦᠭᠦᠯᠡᠬᠦ ᠨᠢ》ᠬᠡᠮᠡᠬᠦ ᠤᠷᠲᠤ ᠦᠭᠦᠯᠡᠯ ᠢ ᠪᠢᠴᠢᠵᠦ᠂ ᠮᠣᠩᠭᠤᠯ 《ᠭᠡᠰᠡᠷ》 ᠤᠨ ᠡᠬᠢ ᠰᠤᠷᠪᠤᠯᠵᠢ ᠶᠢᠨ ᠲᠣᠬᠠᠢ ᠦᠪᠡᠷ ᠤᠨ ᠰᠠᠨᠠᠯ ᠢ ᠴᠢᠯᠦᠭᠡᠳᠡᠢ ᠶᠠᠷᠢᠪᠡ᠃ |