论文信息


题名 ᠣᠳᠣ ᠦᠶ᠎ᠡ ᠶᠢᠨ ᠶᠠᠫᠤᠨ ᠬᠡᠯᠡᠨ ᠦ ᠬᠤᠪᠢᠷᠠᠯᠲᠤ ᠳᠠᠭᠠᠪᠤᠷᠢ ᠶᠢᠨ ᠲᠤᠬᠠᠢ ᠬᠡᠳᠦᠨ ᠠᠰᠠᠭᠤᠳᠠᠯ
作者 ᠮᠠᠨᠳᠤᠪᠠᠶᠠᠷ
关键词 《助动词》;ᠬᠤᠪᠢᠷᠠᠯᠲᠤ ᠳᠠᠭᠠᠪᠤᠷᠢ; ᠬᠠᠮ ᠴᠠᠭ ᠤᠨ ᠲᠤᠳᠤᠷᠬᠠᠢ᠌ᠯᠠᠬᠤ ᠬᠡᠯᠡ ᠰᠢᠨᠵᠢᠯᠡᠯ; ᠲᠤᠰᠠᠯᠠᠬᠤ ᠦᠢᠯᠡ ᠦᠭᠡ
摘要 ᠣᠳᠣ ᠦᠶ᠎ᠡ ᠶᠢᠨ ᠶᠠᠫᠤᠨ ᠬᠡᠯᠡᠨ ᠦ ᠬᠡᠯᠡ ᠵᠦᠢ ᠶᠢᠨ ᠰᠤᠳᠤᠯᠤᠯ ᠳᠤ ᠂ 助动词 ᠭᠡᠭ᠍ᠳᠡᠬᠦ ᠨᠢᠭᠡ ᠪᠦᠯᠦᠭ ᠬᠡᠯᠡᠨ ᠦ ᠨᠢᠭᠡᠴᠢ ᠶᠢᠨ ᠲᠤᠬᠠᠢ ᠡᠷᠳᠡᠮᠲᠡᠳ ᠶᠡᠷᠦ ᠡᠴᠡ ᠠᠳᠠᠯᠢ ᠪᠤᠰᠤ ᠦᠵᠡᠯᠲᠡ ᠲᠡᠢ ᠪᠠᠢ᠌ᠳᠠᠭ᠃ ᠠᠳᠠᠯᠢ ᠪᠤᠰᠤ ᠦᠵᠡᠯᠲᠡ ᠲᠤᠷᠠᠳᠤᠭᠳᠠᠵᠤ ᠪᠠᠢ᠌ᠭ᠎ᠠ ᠶᠢᠨ ᠭᠤᠤᠯ ᠰᠢᠯᠲᠠᠭᠠᠨ ᠨᠢ 助动词 ᠭᠡᠬᠦ ᠨᠡᠷᠡ᠌ᠳᠦᠯ ᠦᠨ ᠲᠤᠰ ᠪᠡᠶ᠎ᠡ ᠨᠢ ᠤᠬᠠᠭᠳᠠᠬᠤᠨ ᠬᠤᠳᠬᠤᠯᠳᠤᠭᠤᠯᠤᠭᠰᠠᠨ ᠮᠠᠳᠠᠭ ᠲᠠᠢ ᠨᠡᠷᠡᠢ᠌ᠳᠦᠯ ᠪᠤᠯᠬᠤ ᠪᠠ 助动词 ᠋᠋ ᠶᠢᠨ ᠠᠢ᠌ᠮᠠᠭ ᠲᠤ ᠬᠠᠮᠤᠷᠤᠨ ᠣᠷᠤᠭᠤᠯᠤᠭᠰᠨ ᠪᠦᠷᠢᠯᠳᠦᠭᠦᠨ ᠨᠦᠬᠦᠳ ᠨᠢ ᠴᠦ ᠭᠤᠤᠯ ᠡᠭᠦᠰᠦᠯ ᠦᠨ ᠲᠠᠯ᠎᠎ᠠ ᠪᠠᠷ ᠮᠠᠰᠢ ᠪᠤᠳᠤᠯᠢᠶᠠᠨᠲᠠᠢ ᠪᠠᠢ᠌ᠳᠠᠭ ᠠᠴᠠ ᠪᠤᠯᠵᠠᠢ᠃ ᠲᠤᠰ ᠦᠭᠦᠯᠡᠯ ᠳᠦ ᠭᠤᠤᠯᠳᠠᠭᠤ ᠣᠳᠣ ᠦᠶ᠎ᠡ ᠶᠢᠨ ᠶᠠᠫᠤᠨ ᠬᠡᠯᠡᠨ ᠦ ᠰᠤᠷᠭᠠᠭᠤᠯᠢ ᠶᠢᠨ ᠬᠡᠯᠡ ᠵᠦᠢ (学校文法)᠋ ᠳᠤ ᠳᠤᠷᠠᠳᠤᠭᠳᠠᠳᠠᠭ 助动词᠋ ᠶᠢᠨ ᠠᠢ᠌ᠮᠠᠭ ᠲᠤ ᠬᠠᠮᠤᠷᠤᠭᠳᠠᠭᠰᠠᠨ ᠭᠤᠤᠯ ᠪᠦᠷᠢᠯᠳᠦᠭᠦᠨ᠋ ᠨᠦᠬᠦᠳ ᠢ ᠲᠡᠦᠬᠡᠴᠢᠯᠡᠨ ᠰᠢᠨᠵᠢᠵᠦ᠂ ᠬᠠᠮ ᠴᠠᠭ ᠤᠨ ᠬᠡᠯᠡ ᠰᠢᠨᠵᠢᠯᠡᠯ ᠦᠨ ᠲᠤᠳᠤᠷᠬᠠᠢ᠌ᠯᠠᠬᠤ ᠠᠷᠭ᠎ᠠ ᠪᠠᠷ 《助动词》ᠪᠤᠯ ᠲᠤᠰᠠᠯᠠᠬᠤ ᠦᠢᠯᠡ ᠦᠭᠡ ᠪᠢᠰᠢ᠂ ᠬᠠᠷᠢᠨ 《ᠬᠤᠪᠢᠷᠠᠯᠲᠤ ᠳᠠᠭᠠᠪᠤᠷᠢ》ᠮᠦᠨ ᠭᠡᠳᠡᠭ ᠦᠵᠡᠯᠲᠡ ᠪᠡᠨ ᠳᠤᠷᠠᠳᠴᠠᠢ᠃ ᠮᠦᠨ ᠡᠭᠦᠨ ᠳᠦ ᠬᠤᠯᠪᠤᠭᠳᠠᠭᠤᠯᠤᠨ ᠶᠠᠫᠤᠨ ᠬᠡᠯᠡ ᠵᠦᠢ ᠶᠢᠨ ᠨᠤᠮ ᠳᠤ ᠡᠳᠦᠭᠡ ᠪᠤᠯᠲᠠᠯ᠎ᠠ 助动词 ᠬᠡᠮᠡᠨ ᠦᠵᠡᠭᠳᠡᠭᠰᠡᠨ 《ぅょぅ、まぃ》ᠬᠡᠮᠡᠬᠦ ᠭᠤᠷᠪᠠᠨ ᠪᠦᠷᠢᠯᠳᠦᠭᠦᠨ ᠢ 《助动词》᠋ ᠶᠢᠨ ᠠᠢ᠌ᠮᠠᠭ ᠠᠴᠠ ᠢᠯᠭᠠᠨ ᠭᠠᠷᠭᠠᠬᠤ ᠶᠢ ᠰᠠᠨᠠᠭᠠᠴᠢᠯᠠᠪᠠ᠃
原文 查看原文
出自 内蒙古大学学报 2011年 第3期

联系我们


内蒙古大学图书馆
呼和浩特市大学西路235号
中国·内蒙古
P: (0471) 4992561
E: huangfeilong@imu.edu.cn