摘要 |
ᠲᠦᠮᠡᠳ ᠮᠣᠩᠭᠤᠯ ᠬᠡᠯᠡᠨ ᠤ ᠲᠡᠦᠬᠡ ᠶᠢᠨ ᠦᠨᠳᠦᠰᠦ ᠰᠤᠷᠪᠤᠯᠵᠢ ᠵᠢᠴᠢ ᠲᠡᠭᠦᠨ ᠤ ᠬᠤᠪᠢᠷᠠᠯ ᠤᠨ ᠪᠠᠢᠳᠠᠯ ᠢ ᠲᠤᠳᠤᠷᠬᠠᠢᠯᠠᠬᠤ ᠨᠢ ᠲᠤᠩ ᠬᠦᠴᠢᠷᠲᠡᠢ ᠶᠠᠪᠤᠳᠠᠯ ᠮᠦᠷᠲᠡᠭᠡᠨ ᠲᠦᠮᠡᠳ ᠠᠮᠠᠨ ᠠᠶᠠᠯᠭᠤᠨ ᠤ ᠪᠦᠷᠢᠯᠳᠦᠯ ᠪᠣᠯᠤᠨ ᠬᠦᠭᠵᠢᠯ ᠤᠨ ᠶᠠᠪᠤᠴᠠ ᠵᠢ ᠰᠣᠳᠤᠯᠬᠤ ᠨᠢ ᠴᠦ ᠲᠤᠩ ᠶᠠᠷᠰᠢᠭᠲᠠᠢ ᠶᠠᠪᠤᠳᠠᠯ ᠶᠣᠮ᠃ ᠤᠴᠢᠷ ᠨᠢ ᠲᠡᠦᠬᠡᠨ ᠡᠴᠡ ᠲᠦᠮᠡᠳ ᠠᠢᠮᠠᠭ ᠤ ᠬᠢᠨ ᠤ ᠬᠠᠳᠠᠭᠠᠯᠠᠭᠳᠠᠭᠰᠠᠭᠠᠷ ᠢᠷᠡᠭᠰᠡᠨ ᠮᠣᠩᠭᠤᠯ ᠬᠡᠯᠡᠨ ᠤ ᠲᠤᠷᠠᠰᠬᠠᠯ ᠪᠠ ᠠᠮᠢᠳᠤ ᠶᠠᠷᠢᠶᠠᠨ ᠤ ᠮᠠᠲ᠋ᠸᠷᠢᠶᠠᠯ ᠬᠵᠠᠷᠠᠬᠠᠨ ᠬᠤᠪᠤᠷ ᠪᠠᠢᠭ᠎ᠠ ᠶᠢᠨ ᠲᠡᠭᠡᠷ ᠡ ᠤᠲᠤ ᠦᠶ ᠠ ᠶᠢᠨ ᠪᠠᠷᠠᠭᠤᠨ ᠲᠦᠮᠡᠳ ᠤᠨ ᠬᠦᠮᠦᠰ ᠤᠨ ᠨᠡᠢᠳᠡᠮ ᠬᠢᠲᠡᠳ ᠬᠡᠯᠡ ᠵᠢ ᠤᠯᠠᠷᠢᠭᠤᠯᠤᠨ ᠠᠪᠴᠦ ᠬᠡᠷᠡᠭᠯᠡᠵᠦ ᠪᠠᠢᠭ᠎ᠠ ᠶᠢᠨ ᠤᠯᠠᠮ ᠢᠢᠡᠷ᠂ ᠬᠡᠳᠦᠢ ᠪᠡᠷ ᠦᠳᠡᠬᠦᠰ ᠨᠠᠰᠤᠲᠠᠳ ᠠᠨᠤ ᠬᠤᠶ᠎ᠠ ᠪᠦᠦᠷ ᠲᠦᠦᠷ ᠮᠣᠩᠭᠤᠯ ᠦᠬᠡ ᠪᠡᠷ ᠢᠢᠡᠨ ᠬᠡᠯᠡᠯᠴᠡᠳᠡᠭ ᠪᠣᠯᠪᠠᠴᠦ ᠲᠡᠷᠡ ᠨᠢ ᠡᠳᠦᠷ ᠤᠨ ᠣᠳᠤ ᠰᠢᠭ ᠴᠦᠬᠡᠨ ᠪᠠᠢᠭ᠎ᠠ ᠨᠢ ᠲᠦᠮᠡᠳ ᠠᠢᠮᠠᠭ ᠤᠨ ᠮᠣᠩᠭᠤᠯ ᠬᠡᠯᠡᠨ ᠤ ᠬᠤᠪᠢᠷᠠᠯ ᠤᠨ ᠲᠡᠦᠬᠡ ᠵᠢ ᠤᠢᠯᠠᠭᠠᠬᠤ ᠪᠡ ᠰᠣᠳᠤᠯᠬᠤ ᠳ᠋ᠦ ᠮᠠᠰᠢ ᠠᠷᠪᠢᠨ ᠪᠡᠷᠭᠡᠰᠢᠶᠡᠯ ᠪᠳ ᠢ ᠤᠴᠠᠷᠠᠭᠤᠯᠤᠭᠰᠠᠨ ᠶᠣᠮ᠃ |