论文信息


题名 ᠮᠣᠩᠭᠤᠯ ᠡᠮ ᠬᠠᠷ᠎ᠠ ᠰᠢᠪᠠᠭ ᠤᠨ ᠬᠢᠮᠢ ᠶᠢᠨ ᠪᠦᠷᠢᠯᠳᠦᠭᠦᠨ ᠦ ᠲᠤᠬᠠᠢ ᠰᠤᠳᠤᠯᠭ᠎ᠠ
作者 ᠡᠦ ᠰᠢᠶᠤᠤ ᠯᠠᠨ
关键词 ᠬᠠᠷ᠎ᠠ ᠰᠢᠪᠠᠭ; ᠬᠢᠮᠢ ᠶᠢᠨ ᠪᠦᠷᠢᠯᠳᠦᠭᠦᠨ; ᠦᠨᠳᠦᠷ ᠦᠢᠯᠡᠳᠦᠯᠲᠦ ᠰᠢᠩᠭᠡᠨ ᠹᠠᠰᠲᠤ ᠦᠩᠭᠡᠲᠦ ᠵᠢᠭᠰᠠᠯ ᠤᠨ ᠠᠷᠭ᠎ᠠ; ᠹᠯᠠᠸᠤᠨ; ᠦᠨᠳᠦᠷ ᠦᠢᠯᠡᠳᠦᠯᠲᠦ ᠰᠢᠩᠭᠡᠨ ᠹᠠᠰᠲᠤ ᠦᠩᠭᠡᠲᠦ ᠵᠢᠭᠰᠠᠯ ᠤᠨ ᠠᠷᠭ᠎ᠠ
摘要 ᠵᠤᠷᠢᠯᠭ᠎ᠠ᠄ ᠬᠠᠷ᠎ᠠ ᠰᠢᠪᠠᠭ ᠤᠨ ᠾᠯᠦ᠋ᠹᠤᠷᠠᠮ ᠢᠶᠠᠷ ᠭᠠᠷᠭᠠᠨ ᠠᠪᠤᠭᠰᠠᠨ ᠪᠤᠳᠠᠰ ᠤᠨ ᠬᠢᠮᠢ ᠶᠢᠨ ᠪᠦᠷᠢᠯᠳᠦᠭᠦᠨ ᠦ ᠲᠤᠬᠠᠢ ᠰᠤᠳᠤᠯᠪᠠ᠃ ᠰᠤᠳᠤᠯᠭᠠᠨ ᠤ ᠠᠷᠭ᠎ᠠ᠄ ᠴᠠᠬᠢᠭᠤᠷ ᠴᠠᠪᠠᠤ᠂ HL-20 ᠦᠵᠦᠮ ᠦᠨ ᠪᠦᠬᠡᠬᠡᠨᠡᠷᠡᠯ ᠰᠢᠬᠢᠷ ᠦᠨ ᠴᠠᠷᠵᠠᠮᠠᠯ ᠴᠠᠪᠠᠤ ᠶᠢᠨ ᠪᠠᠭᠠᠨ᠎ᠠ ᠶᠢᠨ ᠦᠩᠭᠡᠲᠦ ᠵᠢᠭᠰᠠᠯ ᠤᠨ ᠠᠷᠭ᠎ᠠ ᠪᠤᠯᠤᠨ ᠬᠠᠭᠠᠰ ᠦᠢᠯᠡᠳᠬᠦ ᠦᠨᠳᠦᠷ ᠦᠢᠯᠡᠳᠦᠯᠲᠦ ᠰᠢᠩᠭᠡᠨ ᠹᠠᠰᠲᠤ ᠦᠨᠭᠡᠲᠦ ᠵᠢᠭᠰᠠᠯ ᠤᠨ ᠠᠷᠭ᠎ᠠ (半制备高效液相法) ᠵᠡᠷᠭᠡ ᠠᠷᠭ᠎ᠠ ᠶᠢ ᠠᠰᠢᠭᠯᠠᠨ᠂ ᠬᠠᠷ᠎ᠠ ᠰᠢᠪᠠᠭ ᠤᠨ ᠾᠯᠦ᠋ᠹᠤᠷᠠᠮ ᠢᠶᠠᠷ ᠭᠠᠷᠭᠠᠨ ᠠᠪᠤᠭᠰᠠᠨ ᠪᠤᠳᠠᠰ ᠤᠨ ᠬᠢᠮᠢ ᠶᠢᠨ ᠪᠦᠷᠢᠯᠳᠦᠭᠦᠨ ᠢ ᠢᠯᠭᠠᠨ ᠰᠠᠯᠭᠠᠨ᠎ᠠ᠃ ᠣᠯᠠᠨ ᠵᠤᠢᠯ ᠤᠨ ᠳᠤᠯᠭᠢᠶᠠᠨ ᠵᠢᠭᠰᠠᠯ ᠤᠨ ᠠᠷᠭ᠎ᠠ ᠶᠢ ᠠᠰᠢᠭᠯᠠᠨ ᠰᠠᠯᠭᠠᠨ ᠣᠯᠣᠭᠰᠠᠨ ᠬᠢᠮᠢ ᠶᠢᠨ ᠨᠢᠭᠡᠳᠪᠦᠷᠢ ᠶᠢᠨ ᠪᠦᠲᠦᠴᠡ ᠶᠢ ᠲᠤᠭᠲᠠᠭᠠᠨ᠎ᠠ᠃ ᠦᠷ᠎ᠡ ᠳ᠋ᠦᠩ᠄ 6 ᠨᠢᠭᠡᠳᠪᠦᠷᠢ ᠶᠢ ᠢᠯᠭᠠᠨ ᠰᠠᠯᠭᠠᠵᠤ ᠬᠢᠨᠠᠨ ᠲᠤᠭᠲᠠᠭᠠᠵᠠᠢ᠄ 7- ᠮᠧᠲ᠋ᠢᠯ ᠬᠦᠴᠢᠯᠳᠦ᠋ᠷᠦᠭᠴᠢᠲᠦ ᠺᠦᠮᠡᠷᠢᠨ (1); 7- ᠤᠰᠤᠮᠠᠭᠲᠤ ᠺᠦᠮᠡᠷᠢᠨ (2); 6᠂ 7- ᠤᠰᠤᠮᠠᠭᠲᠤ ᠺᠦᠮᠡᠷᠢᠨ (3); 7- ᠤᠰᠤᠮᠠᠭᠲᠤ -5᠂ 6 ᠮᠧᠲ᠋ᠢᠯ ᠬᠦᠴᠢᠯᠳᠦ᠋ᠷᠦᠭᠴᠢᠲᠦ ᠺᠦᠮᠡᠷᠢᠨ (4); 5᠂ 3'- ᠬᠤᠶᠠᠷ ᠤᠰᠤᠮᠠᠭᠲᠤ 6᠂ 7᠂ 4'- ᠭᠤᠷᠪᠠ ᠮᠧᠲ᠋ᠢᠯ ᠬᠦᠴᠢᠯᠳᠦ᠋ᠷᠦᠭᠴᠢᠲᠦ ᠹᠯᠠᠸᠤᠨ (5); 5᠂ 7᠂ 3'- ᠭᠤᠷᠪᠠ ᠤᠰᠤᠮᠠᠭᠲᠤ 6᠂ 4'- ᠬᠤᠶᠠᠷ ᠮᠧᠲ᠋ᠢᠯ ᠬᠦᠴᠢᠯᠳᠦ᠋ᠷᠦᠭᠴᠢᠲᠦ ᠹᠯᠠᠸᠤᠨ (6)᠃ ᠳ᠋ᠦᠩᠨᠡᠯᠲᠡ᠄ ᠨᠢᠭᠡᠳᠪᠦᠷᠢ 1-6 ᠨᠢ ᠴᠦᠮ ᠠᠩᠬ᠎ᠠ ᠤᠳᠠᠭ᠎ᠠ ᠲᠤᠰ ᠤᠷᠭᠤᠮᠠᠯ ᠠᠴᠠ ᠢᠯᠭᠠᠨ ᠰᠠᠯᠭᠠᠨ ᠣᠯᠣᠭᠰᠠᠨ ᠶᠤᠮ᠃
原文 没有原文
出自 内蒙古民族大学学报(自然科学) 2015年 第2期

联系我们


内蒙古大学图书馆
呼和浩特市大学西路235号
中国·内蒙古
P: (0471) 4992561
E: huangfeilong@imu.edu.cn