摘要 |
ᠬᠠᠭᠤᠴᠢᠨ ᠪᠠᠷᠭᠤᠴᠤᠳ ᠤᠨ ᠲᠠᠮᠠᠬᠢᠯᠠᠬᠤ ᠶᠣᠰᠤ ᠨᠢ ᠲᠡᠳᠡᠨ ᠦ ᠬᠦᠨᠳᠦᠯᠡᠬᠦ ᠮᠡᠨᠳᠦᠴᠢᠯᠡᠬᠦ ᠶᠣᠰᠤᠨ ᠳᠣᠨᠢ ᠶᠡᠬᠡᠬᠡᠨ ᠳᠤᠰᠭᠠᠯ ᠢᠶᠡᠨ ᠣᠯᠣᠭᠰᠠᠨ ᠪᠠᠢ᠌ᠳᠠᠭ ᠮᠦᠷᠲᠡᠭᠡᠨ ᠦᠪᠡᠷ ᠦᠨ ᠢᠶᠡᠨ ᠪᠣᠭᠤᠷᠤᠯ ᠳᠠᠭᠡᠳᠦᠰ ᠦᠨ ᠦᠶ᠎ᠡ ᠡᠴᠡ ᠤᠯᠠᠮᠵᠢᠯᠠᠵᠤ ᠢᠷᠡᠭᠰᠡᠨ ᠦᠪ ᠦᠵᠡᠭᠳᠡᠯ ᠪᠣᠯᠵᠤ ᠪᠠᠢ᠌ᠳᠠᠭ᠃ ᠲᠡᠭᠡᠬᠦ ᠳᠡᠭᠡᠨ ᠪᠠᠷᠭᠤᠴᠤᠳ ᠤᠨ ᠲᠠᠮᠠᠬᠢᠯᠠᠬᠤ ᠶᠣᠰᠤ ᠵᠠᠩᠰᠢᠯ ᠨᠢ ᠣᠴᠠᠷᠠᠨ ᠵᠣᠯᠭᠠᠬᠤ ᠶᠢᠨ ᠠᠮᠤᠷ ᠮᠡᠨᠳᠦ ᠶᠢ ᠠᠰᠠᠭᠤᠬᠤ᠂ ᠰᠠᠯᠵᠤ ᠮᠣᠷᠳᠠᠬᠤ ᠶᠢᠨ ᠡᠩᠬᠡ ᠮᠡᠨᠳᠦ ᠶᠢ ᠪᠡᠯᠭᠡᠳᠡᠬᠦ᠂ ᠤᠴᠢᠷ ᠵᠣᠷᠢᠯᠲᠠ ᠢᠯᠡᠷᠬᠡᠢ᠌ᠯᠡᠬᠦ ᠵᠣᠷᠢᠭᠤᠯᠤᠯᠲᠠ ᠲᠠᠢ ᠲᠠᠮᠠᠬᠢᠯᠠᠬᠤ ᠭᠡᠵᠦ ᠠᠩᠭᠢᠯᠠᠵᠤ ᠪᠣᠯᠬᠤ ᠪᠦᠭᠡᠳ ᠨᠠᠰᠤᠨ ᠤ ᠶᠡᠬᠡ ᠪᠠᠭ᠎ᠠ᠂ ᠴᠢᠨᠠᠷ ᠤᠨ ᠢᠯᠭᠠᠯ ᠵᠡᠷᠭᠡ ᠡᠴᠡ ᠰᠢᠯᠲᠠᠭᠠᠯᠠᠵᠤ ᠳᠠᠮᠠᠬᠢᠯᠠᠬᠤ ᠮᠡᠨᠳᠦᠴᠢᠯᠡᠬᠦ ᠠᠷᠭ᠎ᠠ ᠠᠪᠴᠢᠯ ᠨᠢ ᠴᠣ ᠬᠠᠷᠢᠯᠴᠠᠨ ᠢᠯᠭᠠᠭ᠎ᠠ ᠲᠠᠢ ᠮᠦᠷᠲᠡᠭᠡᠨ ᠲᠠᠮᠠᠬᠢᠯᠠᠬᠤ ᠳᠤ ᠬᠢᠴᠢᠶᠡᠬᠦ ᠶᠣᠰᠤ ᠵᠢᠷᠦᠮ ᠨᠢ ᠪᠣᠰᠤᠳ ᠭᠠᠵᠠᠷ ᠡᠴᠡ ᠢᠯᠭᠠᠭᠳᠠᠬᠤ ᠦᠪᠡᠷᠮᠢᠴᠡ ᠣᠨᠴᠠᠯᠢᠭ ᠲᠠᠢ ᠪᠠᠢ᠌ᠳᠠᠭ᠃ |