题名 |
ᠠᠷᠢᠭᠪᠦ᠋ᠬᠡ ᠪᠠ ᠬᠤᠪᠢᠯᠠᠢ ᠶᠢᠨ ᠬᠠᠭᠠᠨ ᠰᠠᠭᠤᠷᠢᠨ ᠤ ᠲᠦᠪ ᠶᠤᠰᠤᠨ ᠤ ᠲᠤᠬᠠᠢ ᠲᠤᠪᠴᠢ ᠰᠢᠨᠵᠢᠯᠡᠬᠦ ᠨᠢ |
作者 |
ᠤᠷᠭᠢᠯ |
关键词 |
ᠠᠷᠢᠭᠪᠦ᠋ᠬᠡ; ᠬᠤᠪᠢᠯᠠᠢᠺ; ᠬᠠᠭᠠᠨ ᠰᠠᠭᠤᠷᠢᠨ; ᠲᠦᠪ ᠶᠤᠰᠤᠨ |
摘要 |
ᠰᠳᠤᠯᠤᠭᠴᠢᠳ ᠤᠨ ᠠᠷᠢᠭᠪᠦ᠋ᠬᠡ ᠪᠠ ᠬᠤᠪᠢᠯᠠᠢ ᠶᠢᠨ ᠬᠠᠭᠠᠨ ᠰᠠᠭᠤᠷᠢᠨ ᠤ ᠲᠡᠮᠡᠴᠡᠯ ᠂ ᠬᠠᠭᠠᠨ ᠰᠠᠭᠤᠷᠢᠨ ᠤ ᠪᠤᠯᠢᠶᠠᠯᠳᠤᠯ ᠲᠤᠮᠳᠠᠬᠢ ᠬᠡᠳᠦᠨ ᠤᠳᠠᠭᠠᠨ ᠤ ᠲᠠᠢ᠌ᠨ ᠤ ᠶᠠᠪᠤᠴᠠ᠂ ᠬᠠᠭᠠᠨ ᠰᠠᠭᠤᠷᠢᠨ ᠤ ᠪᠤᠯᠢᠶᠠᠯᠳᠤᠯ ᠤᠨ ᠰᠢᠨᠵᠢ ᠴᠢᠨᠠᠷ ᠵᠢᠴᠢ ᠲᠡᠳᠡᠭᠡᠷ ᠲᠠᠢ᠌ᠨ ᠤ ᠮᠤᠩᠭ᠋ᠤᠯ ᠪᠠ ᠶᠤᠸᠠᠨ ᠤᠯᠤᠰ ᠲᠤ ᠦᠵᠡᠭᠦᠯᠦᠭᠰᠡᠨ ᠨᠦᠯᠦᠭᠡᠨ ᠤ ᠲᠤᠬᠠᠢ ᠭᠦᠨᠵᠡᠭᠡᠢ ᠰᠤᠳᠤᠯᠤᠯᠳᠠ ᠬᠢᠵᠡᠢ᠃ ᠭᠡᠪᠡᠴᠦ᠂ ᠠᠷᠢᠭᠪᠦ᠋ᠬᠡ ᠬᠢᠭᠡᠳ ᠬᠤᠪᠢᠯᠠᠢ ᠶᠢᠨ ᠬᠠᠭᠠᠨ ᠰᠠᠭᠤᠷᠢᠨ ᠤ ᠴᠤᠬᠤᠮ ᠠᠯᠢ ᠨᠢ ᠲᠦᠪ ᠶᠤᠰᠤᠨ() ᠤ ᠪᠤᠯᠬᠤ ᠲᠤᠬᠠᠢ ᠡᠷᠳᠡᠮᠳᠡᠳ ᠤᠨ ᠦᠵᠡᠯᠳᠡ ᠬᠠᠷᠠᠬᠠᠨ ᠨᠢᠭᠡᠳᠦᠭᠡ ᠦᠭᠡᠢ ᠪᠠᠢ᠌ᠭᠰᠠᠭᠠᠷ᠃ ᠲᠤᠰ ᠦᠭᠦᠯᠡᠯ ᠳᠤ ᠡᠮᠦᠨᠡᠬᠢ ᠬᠦᠮᠦᠰ ᠤᠨ ᠰᠤᠳᠤᠯᠭᠠᠨ ᠤ ᠰᠠᠭᠤᠷᠢᠨ ᠲᠡᠭᠡᠷ᠎ᠡ᠂ ᠬᠤᠷᠠᠯᠳᠠᠢ ᠶᠢᠨ ᠲᠦᠷᠢᠮ᠂ ᠬᠠᠭᠠᠨ ᠤ ᠬᠠᠰᠪᠤᠤ ᠲᠠᠮᠠᠭ᠎ᠠ ᠶᠢᠨ ᠤᠯᠠᠮᠵᠢᠯᠠᠯ᠂ ᠠᠯᠳᠠᠨ ᠤᠷᠤᠭᠳᠠᠨ ᠤ ᠸᠠᠩ ᠨᠠᠷ ᠪᠠ ᠲᠦᠷᠦ ᠶᠢᠨ ᠶᠡᠬᠡ ᠲᠦᠰᠢᠮᠡᠳ ᠤᠨ ᠵᠤᠭᠰᠤᠯᠳᠠ ᠵᠢᠴᠢ ᠲᠡᠳᠡᠨ ᠤ ᠲᠡᠮᠵᠢᠯᠭᠡ ᠵᠡᠷᠭᠡ ᠭᠤᠷᠪᠠᠨ ᠲᠠᠯ᠎ᠠ ᠡᠴᠡ ᠭᠠᠷᠳᠠᠵᠤ᠂ ᠠᠷᠢᠭᠪᠦ᠋ᠬᠡ ᠪᠠ ᠬᠤᠪᠢᠯᠠᠢ ᠶᠢᠨ ᠬᠠᠭᠠᠨ ᠰᠠᠭᠤᠷᠢᠨ ᠤ ᠲᠦᠪ ᠶᠤᠰᠤᠴᠢ ᠴᠢᠨᠠᠷ ᠢ ᠰᠢᠯᠭᠠᠨ ᠨᠤᠳᠠᠯᠠᠬᠤ ᠶᠢ ᠵᠤᠷᠢᠪᠠ᠃ |
原文 |
查看原文
|
出自 |
内蒙古大学学报
2015年
第3期
|