摘要 |
ᠬᠤᠪᠢᠯᠠᠢ ᠬᠠᠭᠠᠨ ᠰᠠᠭᠤᠷᠢ ᠵᠠᠯᠭᠠᠮᠵᠢᠯᠠᠭᠰᠠᠨ ᠤ ᠲᠠᠷᠠᠭ᠋ ᠡ《ᠦᠬᠦᠬᠦᠯᠵᠦ ᠠᠮᠢᠳᠤᠷᠠᠭᠤᠯᠬᠤ ᠶᠢᠨ ᠡᠷᠭᠡ ᠵᠢ ᠲᠦᠪ ᠲᠤᠷ ᠬᠤᠷᠢᠶᠠᠨ》᠂《ᠤᠯᠠᠨ ᠸᠠᠩ ᠨᠤᠶᠠᠳ ᠤᠨ ᠲᠤᠷ ᠡ ᠪᠡᠷ ᠶᠢᠡᠨ ᠰᠢᠳᠭᠡᠬᠦ ᠵᠢ ᠬᠤᠷᠢᠭᠯᠠᠨ ᠵᠤᠭᠰᠤᠭᠠᠬᠤ》᠋ ᠶᠢᠨ ᠬᠠᠮᠳᠤ᠂ ᠮᠤᠩᠭ᠋ᠤᠯ ᠸᠠᠩ ᠨᠤᠶᠠᠳ ᠤᠨ ᠤᠷᠢᠳᠠ ᠶᠢᠨ ᠦᠯᠢᠭᠡᠷ ᠲᠠᠭᠤᠷᠢᠶᠠᠯ ᠶᠢᠡᠷ ᠭᠡᠷᠡᠭ ᠵᠠᠷᠭᠤ ᠰᠢᠬᠦᠵᠦ ᠰᠢᠳᠭᠡᠬᠦ᠂ ᠬᠢᠳᠡᠳ ᠪᠢᠴᠢᠭ᠌ ᠤᠨ ᠡᠷᠳᠡᠮᠳᠡᠳ ᠤᠨ ᠶᠤᠰᠤ ᠰᠤᠷᠳᠠᠬᠤᠨ ᠢ ᠬᠦᠨᠳᠤᠳᠭᠡᠨ᠂ ᠬᠠᠤᠯᠢ ᠴᠠᠭᠠᠵᠠ ᠵᠢ ᠤᠮᠳᠤᠭᠠᠡᠢᠯᠠᠬᠤ᠂ ᠠᠯᠳᠠᠨ ᠤᠯᠤᠰ ᠤᠨ ᠨᠤᠶᠠᠳ ᠭᠠᠷᠤᠯᠳᠠᠢ ᠬᠦᠮᠦᠰ ᠭᠡᠷᠴᠡᠭᠡᠢ ᠰᠢᠷᠦᠭᠦᠨ ᠬᠠᠤᠯᠢ ᠴᠠᠭᠠᠵᠠ ᠵᠢ ᠡᠷᠬᠢᠮᠯᠠᠨ᠂ ᠶᠤᠰᠤ ᠰᠤᠷᠳᠠᠬᠤᠨ ᠢ ᠬᠦᠨᠳᠤᠳᠭᠡᠬᠦ ᠦᠭᠡᠢ ᠵᠠᠷᠭᠡ ᠭᠤᠷᠪᠠᠨ ᠲᠠᠯ ᠡ ᠶᠢᠨ ᠬᠡᠯᠪᠠᠡᠢᠬᠦᠤ ᠦᠵᠠᠯ ᠬᠠᠶᠠᠵᠦ᠂ ᠶᠤᠰᠤ ᠰᠤᠷᠳᠠᠬᠤᠨ ᠢ ᠬᠦᠨᠳᠤᠳᠭᠡᠨ᠂ ᠬᠦᠮᠦᠰ ᠤᠨ ᠦᠵᠡᠯ ᠰᠠᠨᠠᠭ᠋ ᠡ᠂ ᠦᠢᠯᠡ ᠠᠵᠢᠯᠯᠠᠭ᠋ ᠡ ᠶᠢᠨ ᠵᠢᠯᠤᠭᠤᠳᠤᠯᠭ᠋ ᠡ ᠪᠤᠯᠭᠠᠬᠤ ᠶᠢ ᠬᠠᠮᠳᠤ ᠶᠤᠰᠤ ᠰᠤᠷᠳᠠᠬᠤᠨ ᠢ ᠵᠦᠷᠢᠴᠡᠭᠰᠡᠳ ᠲᠤ ᠲᠤᠯᠭᠠᠬᠤ ᠬᠠᠤᠯᠢ ᠴᠠᠭᠠᠵᠠ ᠵᠢ ᠲᠤᠭᠳᠠᠭᠠᠰᠠᠨ ᠪᠠᠡᠢᠨ᠌ ᠡ᠃ |