摘要 |
ᠤᠳᠤ ᠦᠶ ᠡ ᠶᠢᠨ ᠮᠤᠩᠭ᠋ᠤᠯ ᠤᠷᠠᠨ ᠵᠤᠬᠢᠶᠠᠯ ᠤᠨ ᠰᠢᠬᠦᠮᠵᠢ ᠰᠤᠳᠤᠯᠤᠯ ᠨᠢ ᠠᠩᠭ ᠡ ᠡᠬᠢᠨ ᠳ᠋ᠡᠭᠡᠨ ᠵᠤᠬᠢᠶᠠᠭᠴᠢ ᠪᠡ ᠵᠤᠬᠢᠶᠠᠯ ᠪᠦᠳᠤᠭᠡᠯ ᠤᠨ ᠲᠤᠬᠠᠢ ᠡᠮᠬᠢᠳᠭᠡᠯ ᠴᠡᠭᠴᠡᠯᠠᠯ᠂ ᠲᠠᠡᠢᠯᠪᠤᠷᠢ ᠵᠠᠳᠠᠯᠤᠯ᠂ ᠲᠠᠨᠢᠯᠴᠠᠭᠤᠯᠭ᠋ ᠡ ᠳ᠋ᠦᠩᠨᠠᠯᠳᠠ ᠶᠢᠨ ᠰᠢᠨᠵᠢᠳᠡᠢ ᠪᠠᠡᠢᠭᠰᠠᠨ ᠡᠴᠠ ᠪᠡᠨ ᠰᠡᠭᠦᠯᠴᠢ ᠦᠶ ᠡ ᠳᠤ ᠤᠷᠠᠨ ᠵᠤᠬᠢᠶᠠᠯ ᠤᠨ ᠦᠵᠡᠭᠳᠡᠯ᠂ ᠵᠤᠬᠢᠶᠠᠯ ᠪᠦᠳᠤᠭᠡᠯ ᠪᠡ ᠤᠩᠰᠢᠭᠴᠢ ᠯᠤᠭ᠋ ᠡ ᠶᠢᠨ ᠬᠠᠷᠢᠴᠠᠭ᠋ ᠡ ᠵᠢ ᠵᠠᠳᠠᠯᠬᠤ ᠪᠤᠯᠵᠦ ᠤᠨᠤᠯ ᠤ ᠦᠨᠳᠤᠷᠴᠡ ᠳᠤ ᠭᠦᠷᠴᠠᠢ᠃ ᠵᠤᠬᠢᠶᠠᠯᠴᠢ ᠶᠢᠨ ᠬᠡᠪ ᠨᠠᠮᠪᠠ ᠰᠤᠳᠤᠯᠤᠯ᠂ ᠤᠷᠠᠨ ᠵᠤᠬᠢᠶᠠᠯ ᠤᠨ ᠤᠷᠤᠰᠭᠠᠯ ᠪᠦᠯᠦᠭ ᠤᠨ ᠰᠤᠳᠤᠯᠤᠯ᠂《 ᠰᠠᠨᠠᠭ᠋ ᠡ ᠲᠦᠷᠢ》 ᠰᠤᠳᠤᠯᠤᠯ ᠵᠠᠷᠭᠡ ᠪᠤᠯ ᠤᠳᠤ ᠦᠶ ᠡ ᠶᠢᠨ ᠮᠤᠨᠩᠭ᠋ᠤᠯ ᠤᠷᠠᠨ ᠵᠤᠬᠢᠶᠠᠯ ᠤᠨ ᠰᠢᠭᠦᠮᠵᠢ ᠶᠢᠨ ᠨᠦᠯᠦᠭᠡ ᠶᠡᠭᠡᠳᠡᠢ ᠰᠢᠭᠦᠮᠵᠢ ᠰᠤᠳᠤᠯᠤᠯ ᠤᠨ ᠦᠵᠡᠭᠳᠡᠯ ᠤᠤᠨ ᠪᠤᠯᠤᠨ᠌ ᠡ᠃ |