摘要 |
ᠲᠤᠰ ᠦᠭᠦᠯᠡᠯ ᠳᠦ ᠂ ᠮᠣᠩᠭ᠋ᠤᠯ ᠢᠷᠠᠭᠤ ᠨᠠᠢ᠌ᠷᠠᠭ ᠲᠡᠬᠢ ᠦᠨᠳᠦᠰᠦᠲᠡᠨ ᠦ ᠤᠬᠠᠮᠰᠠᠷᠲᠤ ᠲᠡᠦᠬᠡᠨ ᠰᠡᠳᠦᠪᠯᠡᠭᠦᠨ ᠦ ᠡᠭᠦᠰᠦᠯ ᠬᠦᠭ᠍ᠵᠢᠯ ᠢ ᠲᠦᠢᠮᠦᠴᠢᠯᠡᠨ ᠳᠦᠷᠪᠡᠨ ᠱᠠᠲᠤ ᠬᠤᠪᠢᠶᠠᠵᠠᠢ᠃ ᠡᠭᠦᠨ ᠳᠦ ᠂ ᠬᠤᠷᠢᠳᠤᠭᠠᠷ ᠵᠠᠭᠤᠨ ᠤ ᠨᠠᠶᠠᠭᠠᠳ ᠣᠨ ᠠᠴᠠ ᠨᠠᠰᠢᠬᠢ ᠴᠠᠭ ᠦᠶ᠎ᠡ ᠶᠢ ᠦᠨᠳᠦᠰᠦᠲᠡᠨ ᠦ ᠤᠬᠠᠮᠰᠠᠷᠲᠤ ᠲᠡᠦᠬᠡᠨ ᠰᠡᠳᠦᠪᠯᠡᠭᠦᠨ ᠦ ᠭᠦᠨᠵᠡᠭᠡᠢ᠌ᠷᠡᠯ ᠦᠷᠭᠡᠵᠢᠯ ᠦᠨ ᠳᠦᠷᠪᠡᠳᠦᠭᠡᠷ ᠱᠠᠲᠤ ᠪᠤᠯᠤᠨ᠎ᠠ ᠭᠡᠵᠦ ᠦᠵᠡᠭᠰᠡᠨ ᠪᠦᠭᠡᠳ ᠲᠤᠰ ᠦᠭᠦᠯᠡᠯ ᠳᠡᠭᠡᠨ ᠡᠨᠡᠬᠦ ᠳᠦᠷᠪᠡᠳᠦᠭᠡᠷ ᠱᠠᠲᠤ ᠦᠶ᠎ᠡ ᠶᠢ ᠭᠤᠤᠯᠴᠢᠯᠠᠨ ᠶᠠᠷᠢᠵᠠᠢ᠃ ᠲᠡᠦᠬᠡᠨ ᠰᠡᠳᠦᠪᠯᠡᠭᠦᠨ ᠢᠶᠡᠷ ᠢᠯᠡᠷᠡᠭᠰᠡᠨ ᠦᠨᠳᠦᠰᠦᠲᠡᠨ ᠦ ᠤᠬᠠᠮᠰᠠᠷᠲᠤ ᠪᠦᠲᠦᠭᠡᠯ ᠦᠳ ᠪᠤᠯ ᠪᠤᠰᠤᠳᠴᠢ ᠣᠷᠤᠰᠢᠬᠤᠢ ᠮᠦᠨ᠃ ᠵᠤᠬᠢᠶᠠᠭᠴᠢ᠂ ᠡᠨᠡᠬᠦ ᠪᠤᠳᠠᠲᠠᠢ ᠣᠷᠤᠰᠢᠵᠤ ᠪᠠᠢ᠌ᠭ᠎ᠠ ᠦᠵᠡᠭᠳᠡᠯ ᠳᠦ ᠵᠤᠷᠢᠭᠲᠠᠢ ᠠᠵᠢᠭᠯᠠᠯᠲᠠ ᠬᠢᠵᠦ ᠨᠢᠭᠲᠠᠯᠠᠨ ᠰᠢᠨᠵᠢᠯᠡᠭᠰᠡᠨ ᠪᠠᠢ᠌ᠨ᠎ᠠ᠃ |