摘要 |
ᠳᠤᠰ ᠦᠭᠦᠯᠡᠯ ᠳᠤ ᠶᠸᠵᠢᠫᠲ᠂ ᠡᠨᠡᠳᠭᠡᠭ᠌᠂ ᠵᠦᠩᠶᠤᠸᠠᠨ ᠵᠡᠷᠭᠡ ᠭᠤᠷᠪᠠᠨ ᠤᠯᠤᠰ ᠤᠷᠤᠨ ᠳᠡᠬᠢ ᠰᠢᠳᠢᠲᠦ ᠦᠯᠢᠭᠡᠷ᠂ ᠲᠤᠮᠤᠭ ᠲᠤ ᠳᠤᠰᠬᠠᠭᠳᠠᠭᠰᠠᠨ ᠭᠠᠷᠤᠳᠢ ᠶᠢ ᠪᠦᠳᠦᠭᠦᠪᠴᠢ ᠪᠡᠷ ᠳᠠᠨᠢᠯᠴᠠᠭᠤᠯᠵᠤ᠂ ᠵᠦᠩᠶᠤᠸᠠᠨ ᠦ ᠹᠸᠩ ᠬᠤᠸᠠᠩ ᠨᠢ ᠶᠸᠵᠢᠫᠲ᠂ ᠡᠨᠡᠳᠭᠡᠭ᠌ ᠤᠨ ᠭᠠᠷᠤᠲᠢ ᠲᠠᠢ ᠤᠨᠳᠤᠤ ᠨᠢᠭᠡ ᠵᠦᠢᠯ ᠤᠨ ᠰᠢᠪᠠᠭᠤ ᠪᠤᠯᠬᠤ ᠶᠢ ᠲᠤᠳᠤᠷᠬᠠᠢ᠌ᠯᠠᠨ᠂ ᠳᠠᠷᠠᠭ᠎ᠠ ᠳᠤᠨᠢ ᠭᠠᠷᠤᠲᠢ ᠶᠢᠨ ᠮᠣᠩᠭᠣᠯ ᠳᠤ ᠤᠯᠠᠮᠵᠢᠯᠠᠨ ᠢᠷᠡᠭᠰᠡᠨ ᠴᠠᠭ ᠪᠠ ᠵᠠᠮ ᠢ ᠳᠤᠳᠤᠯᠠᠵᠤ᠂ ᠱᠠᠰᠢᠨ ᠢ ᠳᠠᠭᠠᠯᠳᠤᠨ ᠢᠷᠡᠭᠰᠡᠨ ᠡᠨᠡᠳᠭᠡᠭ᠌ ᠭᠠᠷᠤᠲᠢ ᠨᠢ ᠮᠣᠩᠭᠣᠯ ᠠᠮᠠᠨ ᠵᠤᠬᠢᠶᠠᠯ ᠳᠤ ᠨᠡᠪᠳᠡᠷᠡᠵᠦ᠂ᠠᠭᠤᠰᠤᠨ ᠰᠢᠩᠬᠡᠬᠦ ᠶᠠᠪᠤᠴᠠ ᠳᠤ ᠬᠢᠳᠡᠳ ᠦᠨᠳᠦᠰᠦᠳᠡᠨ ᠦ ᠹᠸᠩ ᠬᠤᠸᠠᠩ ᠰᠢᠪᠠᠭᠤ ᠲᠠᠢ ᠭᠠᠢ᠌ᠬᠠᠯᠲᠠᠢ ᠰᠠᠢ᠌ᠬᠠᠨ ᠤᠶᠠᠯᠳᠤᠨ ᠦᠪᠡᠷᠮᠢᠴᠡ ᠤᠨᠴᠠᠯᠢᠭ ᠲᠠᠢ ᠭᠠᠷᠤᠳᠢ ᠪᠤᠯᠤᠭᠰᠠᠨ ᠲᠤᠬᠠᠢ ᠦᠭᠦᠯᠡᠪᠡ᠃ |