摘要 |
ᠬᠦᠪᠲᠦ ᠪᠡ ᠱᠦᠭᠦᠬᠦ ᠴᠠᠭᠠᠰᠤᠨ ᠤ ᠠᠭᠤᠯᠬᠤ Ca ᠪᠠ Mg ᠨᠢ ᠪᠤᠰᠤᠳ ᠲᠡᠮᠦᠷᠯᠢᠭ ᠡᠯᠧᠮᠧᠨ᠋ᠲ ᠡᠴᠡ ᠢᠯᠡᠷᠬᠡᠢ ᠦᠨᠳᠦᠷ ᠪᠠᠢᠨ᠎ᠠ᠃ Cu, Ni, Mn, Cr, Pb᠋ ᠶᠢᠨ ᠬᠦᠪᠲᠦ ᠳᠡᠬᠢ ᠠᠭᠤᠯᠭᠳᠠᠴᠠ ᠨᠢ ᠡᠯ᠎ᠡ ᠪᠠᠢᠴᠠᠭᠠᠯᠲᠠ ᠶᠢᠨ ᠭᠠᠵᠠᠷ ᠤᠨ ᠬᠤᠭᠤᠷᠤᠨᠳᠤ ᠪᠠᠨ ᠶᠡᠬᠡ ᠵᠦᠷᠢᠶ᠎ᠡ ᠲᠡᠢ ᠪᠠᠢᠵᠤ᠂ ᠱᠦᠭᠦᠬᠦ ᠴᠠᠭᠠᠰᠤᠨ ᠳᠤᠲᠤᠷᠠᠬᠢ ᠠᠭᠤᠯᠤᠭᠳᠠᠴᠠ ᠨᠢ ᠪᠠᠭ᠎ᠠ ᠵᠦᠷᠢᠶ᠎ᠡ ᠲᠡᠢ ᠪᠠᠢᠨ᠎ᠠ᠃ ᠪᠠᠢᠴᠠᠭᠠᠯᠲᠠ ᠶᠢᠨ ᠭᠠᠵᠠᠷ ᠶᠢᠨ ᠠᠭᠠᠷ ᠳᠤᠲᠤᠷᠠᠬᠢ Fe ᠪᠠ Zn᠋ ᠦᠨ ᠠᠭᠤᠯᠤᠭᠳᠠᠴᠠ ᠦᠨᠳᠦᠷ ᠪᠠᠢᠨ᠎ᠠ᠃ ᠪᠠᠢᠴᠠᠭᠠᠯᠲᠠ ᠶᠢᠨ ᠭᠠᠵᠠᠷ ᠳᠠᠬᠢ ᠬᠦᠪᠲᠦ ᠳᠦ Cd᠋ ᠶᠢ ᠬᠡᠮᠵᠢᠨ ᠣᠯᠣᠭᠰᠠᠨ ᠦᠭᠡᠢ᠃ ᠶᠡᠷᠦᠩᠬᠡᠢ ᠳᠦᠨᠢ ᠠᠪᠴᠤ ᠦᠵᠡᠪᠡᠯ᠂ ᠬᠦᠪᠲᠦ ᠳᠦ ᠠᠭᠤᠯᠬᠤ ᠲᠡᠮᠦᠷᠯᠢᠭ ᠡᠯᠧᠮᠧᠨ᠋ᠲ ᠦᠨ ᠠᠭᠤᠯᠤᠭᠳᠠᠴᠠ ᠨᠢ ᠱᠦᠭᠦᠬᠦ ᠴᠠᠭᠠᠰᠤᠨ ᠤ ᠬᠢ ᠡᠴᠡ ᠦᠨᠳᠦᠷ ᠪᠠᠢᠨ᠎ᠠ᠃ |