摘要 |
ᠲᠤᠰ ᠦᠬᠦᠯᠡᠯ᠂ ᠭᠠᠳᠠᠭᠠᠳᠤ ᠶᠢᠨ ᠡᠷᠳᠡᠮᠳᠡᠳ ᠤᠨ ᠲᠤᠤᠯᠢ ᠶᠢᠨ ᠲᠤᠬᠠᠢ ᠰᠢᠨᠵᠢᠯᠡᠯ ᠤ ᠦᠷ᠎ᠠ ᠪᠦᠳᠤᠭᠡᠯ ᠡᠴᠨ ᠡᠰᠢ ᠲᠠᠳᠠᠵᠦ᠂ ᠵᠤᠬᠢᠶᠠᠭᠴᠢ ᠦᠪᠡᠷ ᠤᠨ ᠰᠢᠨᠵᠢᠯᠡᠭᠡ ᠪᠠᠨ ᠦᠨᠳᠤᠰᠤᠯᠡᠨ᠂ ᠮᠤᠩᠭᠤᠯ ᠲᠤᠤᠯᠢ ᠦᠷᠭᠡᠨ ᠲᠠᠷᠬᠠᠭᠰᠠᠨ ᠠᠢᠮᠠᠭ ᠤᠨ ᠨᠤᠳᠤᠭ ᠢ ᠮᠤᠩᠭᠤᠯ ᠲᠤᠤᠯᠢ ᠶᠢᠨ ᠲᠦᠪ ᠬᠡᠵᠦ ᠨᠡᠷᠡᠯᠡᠵᠡᠢ᠃ ᠦᠬᠦᠯᠡᠯ ᠤᠨ ᠦᠵᠡᠬᠦ ᠪᠠᠷ᠂ ᠤᠯᠤᠰ ᠤᠨ ᠲᠤᠳᠤᠭᠠᠳᠤ ᠭᠠᠳᠠᠭᠠᠳᠤ ᠳᠤ ᠮᠤᠩᠭᠤᠯ ᠲᠤᠤᠯᠢ ᠶᠢᠨ ᠲᠦᠪ ᠲᠤᠯᠤᠭ᠎ᠠ ᠪᠤᠢ᠃ ᠡᠨᠡ ᠨᠢ ᠵᠦᠪᠯᠡᠯᠳᠤ ᠶᠢᠨ ᠢᠵᠢᠯ ᠳ᠋ᠤᠨ ᠤ ᠬᠠᠯᠢᠮᠠᠭ᠂ ᠪᠠᠢᠭᠠᠯ ᠤᠨ ᠪᠦᠷᠢᠶᠡᠳ᠂ ᠮᠤᠩᠭᠤᠯ ᠤᠯᠤᠰ ᠤᠨ ᠪᠠᠷᠠᠭᠤᠨ ᠠᠢᠮᠠᠭ ᠤᠳ ᠤᠨ ᠤᠢᠷᠠᠳ᠂ ᠬᠠᠯᠬ᠎ᠠ ᠶᠢᠨ ᠨᠤᠳᠤᠭ ᠪᠠ ᠮᠠᠨ ᠤ ᠤᠯᠤᠰ ᠤᠨ ᠬᠦᠯᠦᠨ ᠪᠤᠢᠷ ᠤᠨ ᠪᠠᠷᠭᠤ᠂ ᠵᠢᠷᠢᠮ ᠤᠨ ᠵᠠᠷᠤᠳ᠂ ᠰᠢᠨᠵᠢᠶᠠᠩ ᠤᠨ ᠤᠢᠷᠠᠳ ᠵᠠᠷᠭᠡ ᠶᠢᠨ ᠨᠤᠳᠤᠭ ᠪᠤᠯᠤᠨ᠎ᠠ᠃ |