题名 |
ᠬᠦᠬᠡᠬᠤᠲᠠ ᠣᠷᠤᠨ ᠤ ᠬᠡᠰᠡᠭ ᠲᠦᠭᠡᠭᠡᠯ ᠤᠰᠤᠨ ᠤ ᠰᠤᠷᠢᠴᠠ ᠶᠢᠨ ᠬᠠᠳᠠᠭᠤᠴᠠ ᠶᠢᠨ ᠬᠡᠮᠵᠢᠯᠲᠡ |
作者 |
ᠣᠳᠤᠨᠭᠡᠷᠡᠯ; ᠪᠠᠢ ᠤᠶᠤᠨ; ᠾᠧ ᠰᠢᠶᠤᠤ ᠭᠡ |
关键词 |
ᠤᠰᠤᠨ ᠤ ᠬᠠᠳᠠᠭᠤᠴᠠ; ᠣᠷᠤᠨᠵᠢᠭᠤᠯᠤᠨ ᠳᠤᠰᠤᠭᠠᠯᠲᠠ; ᠭᠡᠷᠡᠯᠲᠦᠯᠲᠡ ᠶᠢᠨ ᠠᠷᠭ᠎ᠠ; ᠬᠦᠴᠢᠯᠯᠢᠭ᠌ ᠾᠷᠦᠮ ᠬᠦᠬᠡ K |
摘要 |
ᠤᠰᠤᠨ ᠤ ᠬᠠᠳᠠᠭᠤᠴᠠ ᠪᠤᠯ ᠤᠰᠤᠨ ᠤ ᠴᠢᠨᠠᠷ ᠴᠢᠨᠰᠠᠭ᠎ᠠ ᠶᠢ ᠢᠯᠡᠷᠬᠡᠶᠢᠯᠡᠬᠦ ᠴᠢᠬᠤᠯᠠ ᠪᠠᠷᠢᠮᠵᠢᠶ᠎ᠠ ᠶᠢᠨ ᠨᠢᠭᠡ ᠮᠦᠨ᠃ ᠠᠵᠤ ᠦᠢᠯᠡᠳᠪᠦᠷᠢ ᠪᠡ ᠡᠳᠦᠷ ᠳᠤᠲᠤᠮ ᠤᠨ ᠠᠮᠢᠳᠤᠷᠠᠯ ᠳᠤ ᠬᠡᠷᠡᠭᠯᠡᠬᠦ ᠤᠰᠤᠨ ᠤ ᠴᠢᠨᠠᠷ ᠲᠠᠢ ᠨᠢᠭᠲᠠ ᠬᠠᠷᠢᠴᠠᠭ᠎ᠠ ᠲᠠᠢ ᠪᠠᠢᠳᠠᠭ᠃ ᠡᠢᠮᠦ ᠡᠴᠡ᠂ ᠤᠰᠤᠨ ᠤ ᠬᠠᠳᠠᠭᠤᠴᠠ ᠶᠢᠨ ᠬᠡᠮᠵᠢᠯᠲᠡ ᠨᠢ ᠤᠰᠤᠨ ᠤ ᠴᠢᠨᠠᠷ ᠴᠢᠨᠰᠠᠭ᠎ᠠ ᠪᠠ ᠤᠰᠤᠨ ᠤ ᠰᠢᠢᠳᠪᠦᠷᠢᠯᠡᠯᠲᠡ ᠳᠦ ᠴᠢᠬᠤᠯᠠ ᠡᠰᠢ ᠪᠠᠷᠢᠮᠲᠠ ᠣᠯᠭᠤᠵᠤ ᠦᠭᠳᠡᠭ᠃ ᠵᠤᠬᠢᠶᠠᠯ ᠳᠤ᠂ ᠣᠷᠤᠨᠵᠢᠭᠤᠯᠤᠨ ᠲᠤᠰᠤᠭᠠᠯᠲᠠ ᠪᠠ ᠭᠡᠷᠡᠯᠲᠦᠯᠲᠡ ᠶᠢᠨ ᠠᠷᠭ᠎ᠠ ᠶᠢ ᠬᠡᠷᠡᠭᠯᠡᠨ᠂ ᠬᠦᠬᠡᠬᠤᠲᠠ ᠣᠷᠤᠨ ᠤ ᠬᠡᠰᠡᠭ ᠲᠦᠭᠡᠭᠡᠯ ᠤᠰᠤᠨ ᠤ ᠬᠠᠳᠠᠭᠤᠴᠠ ᠶᠢ ᠬᠡᠮᠵᠢᠨ ᠵᠠᠳᠠᠯᠵᠠᠢ᠃ ᠲᠤᠷᠰᠢᠯᠲᠠ ᠠᠴᠠ ᠬᠠᠷᠠᠭᠤᠯᠤᠭᠰᠠᠨ ᠨᠢ᠂ 7 ᠶᠠᠩᠵᠤ ᠶᠢᠨ ᠤᠰᠤᠨ ᠤ ᠰᠤᠷᠢᠴᠠ ᠶᠢᠨ ᠬᠠᠲᠠᠭᠤᠴᠠ ᠨᠢ 10 ~ 20° ᠬᠤᠭᠤᠷᠤᠨᠳᠤ ᠪᠠᠢᠵᠤ᠂ ᠤᠤᠭᠤᠬᠤ ᠪᠠᠷᠢᠮᠵᠢᠶ᠎ᠠ ᠳᠤ ᠨᠡᠢᠴᠡᠬᠦ ᠮᠦᠷᠲᠡᠭᠡᠨ ᠲᠦᠭᠡᠭᠡᠯ ᠤᠰᠤᠨ ᠤ ᠬᠠᠳᠠᠭᠤᠴᠠ ᠶᠢᠨ ᠭᠤᠤᠯ ᠨᠢ ᠺᠠᠯᠼ ᠬᠠᠳᠠᠭᠤᠴᠠ ᠭᠡᠰᠡᠨ ᠢ ᠭᠡᠷᠡᠴᠢᠯᠡᠵᠡᠢ᠃ 2 ᠵᠤᠢᠯ ᠤᠨ ᠠᠷᠭ᠎ᠠ ᠪᠠᠷ ᠬᠡᠮᠵᠢᠭᠰᠡᠨ ᠺᠠᠯᠼ ᠬᠠᠳᠠᠭᠤᠴᠠ ᠶᠢᠨ ᠦᠷ᠎ᠡ ᠳ᠋ᠦᠩ ᠨᠢ ᠨᠡᠯᠢᠶᠡᠳ ᠣᠢᠷᠠᠯᠴᠠᠭ᠎ᠠ ᠪᠠᠢᠳᠠᠭ᠃ |
原文 |
没有原文
|
出自 |
内蒙古民族大学学报(自然科学)
2015年
第2期
|