摘要 |
ᠲᠤᠰ ᠦᠭᠦᠯᠡᠯ ᠳᠦ ᠂ ᠮᠣᠩ᠋ᠭᠤᠯ ᠬᠡᠯᠡᠨ ᠦ ᠨᠠᠢ᠌ᠷᠠᠭᠤᠯᠭ᠎ᠠ ᠶᠢᠨ ᠪᠠᠢ᠌ᠷᠢ ᠨᠠᠢ᠌ᠷᠠᠬᠤ ᠠᠷᠭ᠎ᠠ ᠶᠢ ᠵᠡᠷᠭᠡᠴᠡᠯ ᠦᠨ ᠪᠠᠢ᠌ᠷᠢ ᠨᠠᠢ᠌ᠷᠠᠬᠤ ᠠᠷᠭ᠎ᠠ ᠪᠠ ᠲᠤᠩ᠋ᠭᠤᠷᠤᠯ ᠤᠨ ᠪᠠᠢ᠌ᠷᠢ ᠨᠠᠢ᠌ᠷᠠᠬᠤ ᠠᠷᠭ᠎ᠠ ᠭᠡᠵᠦ ᠬᠤᠶᠠᠷ ᠶᠡᠬᠡ ᠲᠦᠷᠦᠯ ᠳᠦ ᠰᠢᠰᠲ᠋ᠧᠮᠵᠢᠭᠤᠯᠵᠤ ᠲᠡᠳᠡᠭᠡᠷ ᠲᠦᠷᠦᠯ ᠪᠦᠷᠢ ᠶᠢᠨ ᠪᠠᠢ᠌ᠷᠢ ᠨᠠᠢ᠌ᠷᠠᠬᠤ ᠠᠷᠭ᠎ᠠ ᠨᠤᠭᠤᠳ ᠤᠨ ᠪᠤᠳᠠᠲᠠᠢ ᠪᠦᠲᠦᠭᠡᠬᠦ ᠠᠷᠭ᠎ᠠ ᠬᠢᠭᠡᠳ ᠢᠯᠡᠳᠭᠡᠬᠦ ᠦᠷ᠎ᠡ ᠳ᠋ᠦᠩ ᠳᠡᠬᠢ ᠴᠢᠳᠠᠪᠬᠢ ᠶᠢ ᠨᠢ ᠲᠤᠳᠤᠷᠬᠠᠢ᠌ᠯᠠᠵᠠᠢ᠃ ᠭᠡᠬᠦ ᠳᠡᠭᠡᠨ ᠵᠡᠷᠭᠡᠴᠡᠯ ᠦᠨ ᠪᠠᠢ᠌ᠷᠢ ᠨᠠᠢ᠌ᠷᠠᠬᠤ ᠠᠷᠭ᠎ᠠ ᠶᠢ ᠭᠤᠤᠯᠴᠢᠯᠠᠨ ᠦᠭᠦᠯᠡᠭᠰᠡᠨ ᠪᠦᠭᠡᠳ ᠲᠡᠭᠦᠨ ᠦ ᠭᠤᠤᠯ ᠢᠯᠡᠷᠡᠬᠦ ᠬᠡᠯᠪᠡᠷᠢ — ᠬᠡᠯᠡᠨ ᠦ ᠭᠡᠮ ᠵᠤᠬᠢᠴᠠᠯ ᠤᠨ ᠭᠤᠤ᠎ᠠ ᠰᠠᠢ᠌ᠬᠠᠨ ᠤ ᠳᠤᠲᠤᠭᠠᠳᠤ ᠮᠦᠨ ᠰᠢᠨᠵᠢ ᠶᠢ ᠪᠤᠳᠠᠰ ᠤᠨ ᠵᠦᠢ᠂ ᠮᠠᠬᠠᠪᠤᠳ᠂ ᠰᠡᠳᠬᠢᠴᠡ ᠶᠢᠨ ᠵᠦᠢ᠂ ᠨᠠᠢ᠌ᠷᠠᠭᠤᠯᠭ᠎ᠠ ᠵᠦᠢ ᠵᠡᠷᠭᠡ ᠲᠠᠯ᠎ᠠ ᠲᠠᠯ᠎ᠠ ᠠᠴᠠ ᠭᠦᠨᠵᠡᠭᠡᠢ᠌ᠷᠡᠭᠦᠯᠦᠨ ᠰᠤᠳᠤᠯᠵᠤ ᠪᠤᠰᠤᠳ ᠭᠡᠮ ᠵᠤᠬᠢᠴᠠᠯ ᠠᠴᠠ ᠢᠯᠭᠠᠭᠳᠠᠬᠤ ᠦᠪᠡᠷᠮᠢᠴᠡ ᠣᠨᠴᠠᠯᠢᠭ ᠢ ᠨᠢ ᠢᠯᠡᠷᠡᠭᠦᠯᠦᠭᠰᠡᠨ ᠪᠠᠢ᠌ᠨ᠎ᠠ᠃ |