题名 |
ᠣᠯᠠᠨ ᠵᠠᠭᠤᠴᠢᠲᠤ ᠪᠠᠷ ᠲᠤᠰᠠᠯᠠᠭᠤᠯᠵᠤ ᠵᠢᠭᠠᠬᠤ ᠶᠢᠨ ᠹᠢᠽᠰᠢᠺ ᠦᠨ ᠵᠢᠭᠠᠨ ᠰᠤᠷᠭᠠᠯᠲᠠ ᠳᠤ ᠬᠢ ᠦᠢᠯᠡᠳᠦᠯ |
作者 |
ᠬᠠᠰᠲᠤᠶᠠᠭ᠎ᠠ |
关键词 |
ᠣᠯᠠᠨ ᠵᠠᠭᠤᠴᠢᠲᠤ ᠪᠠᠷ ᠲᠤᠰᠠᠯᠠᠭᠤᠯᠵᠤ ᠵᠢᠭᠠᠬᠤ; ᠹᠢᠽᠢᠺ ᠤᠨ ᠰᠤᠷᠭᠠᠨ ᠬᠦᠮᠦᠵᠢᠯ ᠦᠨ ᠳᠠᠳᠤᠯᠭ᠎ᠠ ᠬᠢᠬᠦ; ᠰᠢᠯᠢᠳᠡᠭᠵᠢᠭᠦᠯᠬᠦ |
摘要 |
ᠣᠯᠠᠨ ᠵᠠᠭᠤᠴᠢᠲᠤ ᠪᠠᠷ ᠵᠢᠭᠠᠨ ᠰᠤᠷᠭᠠᠬᠤ ᠨᠢ ᠳᠦᠷᠰᠦᠯᠢᠭ᠂ ᠲᠦᠷᠭᠡᠨ ᠠᠮᠢᠳᠤᠯᠢᠭ᠂ ᠰᠢᠭᠤᠳ ᠵᠡᠷᠭᠡ ᠣᠨᠴᠠᠯᠢᠭ ᠲᠠᠢ᠃ ᠹᠢᠽᠢᠺ ᠤᠨ ᠰᠤᠷᠭᠠᠨ ᠬᠦᠮᠦᠵᠢᠯ ᠦᠨ ᠳᠠᠳᠤᠯᠭ᠎ᠠ ᠬᠢᠬᠦ ᠶᠠᠪᠤᠴᠠ ᠳᠤ᠂ ᠣᠯᠠᠨ ᠵᠠᠭᠤᠴᠢᠲᠤ ᠪᠠᠷ ᠲᠤᠰᠠᠯᠠᠭᠤᠯᠵᠤ ᠵᠢᠭᠠᠬᠤ ᠶᠢ ᠬᠡᠷᠡᠭᠵᠢᠭᠦᠯᠬᠦ ᠨᠢ ᠳᠠᠳᠤᠯᠭ᠎ᠠ ᠶᠢᠨ ᠰᠤᠷᠤᠭᠴᠢᠳ ᠤᠨ ᠤᠯᠠᠮᠵᠢᠯᠠᠯᠲᠤ ᠵᠢᠭᠠᠨ ᠰᠤᠷᠭᠠᠯᠲᠠ ᠶᠢᠨ ᠳᠤᠮᠳᠠ ᠣᠷᠤᠰᠢᠵᠤ ᠪᠠᠢ᠌ᠭ᠎ᠠ ᠪᠠᠴᠢᠮᠳᠠᠬᠤ ᠰᠡᠳᠬᠢᠯᠭᠡ᠂ ᠬᠢᠴᠢᠶᠡᠯ ᠦᠨ ᠠᠭᠤᠯᠭ᠎ᠠ ᠨᠢ ᠠᠮᠳᠠ ᠰᠢᠮᠲᠡ ᠦᠭᠡᠢ᠂ ᠵᠢᠭᠠᠬᠤ ᠠᠷᠭ᠎ᠠ ᠮᠠᠶᠢᠭ ᠨᠢ ᠦᠬᠦᠮᠡᠯ᠂ ᠮᠡᠳᠡᠯᠭᠡ ᠶᠢᠨ ᠬᠦᠷᠢᠶ᠎ᠡ ᠬᠡᠪᠴᠢᠶ᠎ᠡ ᠨᠢ ᠢᠪᠴᠤᠤ ᠵᠡᠷᠭᠡ ᠠᠰᠠᠭᠤᠳᠠᠯ ᠤᠳ ᠢ ᠰᠢᠢᠳᠪᠦᠷᠢᠯᠡᠵᠦ ᠳᠡᠢ᠌ᠯᠬᠦ ᠶᠤᠮ᠃ ᠡᠭᠦᠨ ᠡᠴᠡ ᠭᠠᠳᠠᠨ᠎ᠠ᠂ ᠣᠯᠠᠨ ᠵᠠᠭᠤᠴᠢᠲᠤ ᠪᠠᠷ ᠲᠤᠰᠠᠯᠠᠭᠤᠯᠵᠤ ᠵᠢᠭᠠᠬᠤ ᠨᠢ ᠪᠠᠰᠠ ᠳᠠᠳᠤᠯᠭ᠎ᠠ ᠶᠢᠨ ᠰᠤᠷᠤᠭᠴᠢᠳ ᠤᠨ ᠣᠯᠠᠨ ᠵᠠᠭᠤᠴᠢᠲᠤ ᠪᠠᠷ ᠬᠢᠴᠢᠶᠡᠯᠯᠡᠬᠦ ᠺᠤᠨ᠋ᠰᠫᠧᠺᠲ᠋ ᠵᠤᠬᠢᠶᠠᠬᠤ ᠮᠡᠷᠭᠡᠵᠢᠯ ᠴᠢᠳᠠᠪᠤᠷᠢ ᠶᠢ ᠪᠤᠯᠪᠠᠰᠤᠷᠠᠭᠤᠯᠵᠤ᠂ ᠵᠢᠭᠠᠨ ᠰᠤᠷᠭᠠᠯᠲᠠ ᠶᠢᠨ ᠡᠬᠢ ᠪᠠᠶᠠᠯᠢᠭ ᠢ ᠡᠮᠬᠢᠳᠭᠡᠨ ᠴᠤᠭᠯᠠᠭᠤᠯᠬᠤ ᠴᠢᠳᠠᠪᠤᠷᠢ ᠶᠢ ᠳᠡᠭᠡᠭ᠍ᠰᠢᠯᠡᠭᠦᠯᠵᠦ᠂ ᠬᠢᠴᠢᠶᠡᠯ ᠦᠨ ᠲᠠᠩᠬᠢᠮ ᠳᠤ ᠬᠢ ᠰᠤᠨᠢᠷᠬᠠᠯᠲᠤ ᠴᠢᠨᠠᠷ ᠢ ᠨᠡᠮᠡᠭᠳᠡᠭᠦᠯᠵᠦ ᠪᠤᠯᠤᠨ᠎ᠠ᠃ |
原文 |
查看原文
|
出自 |
内蒙古民族大学学报(自然科学)
2014年
第1期
|