题名 |
ᠢᠰᠢᠲᠠᠨᠽᠢᠨᠸᠠᠩᠵᠢᠯ ᠬᠢᠭᠡᠳ ᠲᠡᠭᠦᠨ ᠦ 《ᠡᠷᠳᠡᠨᠢ ᠶᠢᠨ ᠤᠨᠵᠢᠯᠭ᠎ᠠ ᠶᠢᠨ ᠲᠤᠬᠠᠢ ᠲᠡᠦᠬᠡ ᠰᠤᠷᠪᠤᠯᠵᠢ ᠪᠢᠴᠢᠭ᠌ ᠦᠨ ᠰᠤᠳᠤᠯᠭ᠎ᠠ |
作者 |
ᠮᠦᠩᠭᠦᠨᠴᠢᠮᠡᠭ; ᠪᠤᠶᠠᠨᠲᠤ |
关键词 |
ᠢᠰᠢᠲᠠᠨᠽᠢᠨᠸᠠᠩᠵᠢᠯ; ᠡᠷᠳᠡᠨᠢ ᠶᠢᠨ ᠤᠨᠵᠢᠯᠭ᠎ᠠ; ᠮᠣᠩ᠋ᠭᠤᠯ ᠠᠨᠠᠭᠠᠬᠤ ᠤᠬᠠᠭᠠᠨ ᠤ ᠲᠡᠦᠬᠡ; ᠰᠤᠷᠪᠤᠯᠵᠢ ᠪᠢᠴᠢᠭ᠌ ᠶᠢᠨ ᠰᠤᠳᠤᠯᠭ᠎ᠠ |
摘要 |
ᠢᠰᠢᠲᠠᠨᠽᠢᠨᠸᠠᠩᠵᠢᠯ ᠪᠤᠯ ᠠᠯᠳᠠᠷᠲᠤ ᠮᠣᠩ᠋ᠭᠤᠯ ᠠᠨᠠᠭᠠᠬᠤ ᠤᠬᠠᠭᠠᠨᠲᠠᠨ᠂ ᠭᠠᠷᠮᠠᠭᠠᠢ ᠰᠢᠯᠦᠭᠴᠢᠨ ᠶᠤᠮ᠃ ᠲᠡᠷᠡ ᠨᠢᠭᠡ ᠨᠠᠰᠤᠨ ᠳᠤ ᠪᠠᠨ 《ᠱᠢᠷᠦᠨ ᠤᠨᠵᠢᠯᠭ᠎ᠠ》(ᠵᠦᠷᠦᠳᠦᠱᠠᠯ)᠂ 《ᠡᠷᠳᠡᠨᠢ ᠶᠢᠨ ᠤᠨᠵᠢᠯᠭ᠎ᠠ》(ᠷᠢᠨᠴᠢᠨᠳᠤᠱᠠᠯ》᠂ 《ᠰᠤᠪᠤᠳ ᠤᠨ ᠤᠨᠵᠢᠯᠭ᠎ᠠ》(ᠮᠦᠳ᠋ᠧᠭᠳᠤᠱᠠᠯ) ᠵᠡᠷᠭᠡ 3 ᠢᠵᠢ ᠮᠣᠩ᠋ᠭᠤᠯ ᠠᠨᠠᠭᠠᠬᠤ ᠤᠬᠠᠭᠠᠨ ᠤ ᠵᠤᠬᠢᠶᠠᠯ ᠢ ᠲᠦᠪᠡᠳ ᠬᠡᠯᠡ ᠪᠡᠷ ᠵᠤᠬᠢᠶᠠᠭᠰᠠᠨ ᠪᠠ ᠲᠡᠭᠦᠨ ᠢ ᠪᠡᠨ ᠪᠠᠷᠢᠮᠲᠠᠯᠠᠨ ᠡᠮᠴᠢᠯᠡᠵᠦ ᠪᠠᠢ᠌ᠭᠰᠠᠨ ᠪᠦᠭᠡᠳ 《ᠮᠣᠩ᠋ᠭᠤᠯ ᠠᠨᠠᠭᠠᠬᠤ ᠤᠬᠠᠭᠠᠨ ᠤ ᠨᠢᠭᠡ ᠵᠠᠭᠤ ᠲᠠᠪᠢᠨ ᠳᠦᠷᠪᠡᠨ ᠪᠠᠳᠠᠭ ᠰᠢᠯᠦᠭ》᠂ 《ᠵᠡᠭᠦᠦ ᠲᠦᠭᠡᠨᠡᠯᠭᠡ》ᠭᠡᠬᠦ ᠮᠣᠩ᠋ᠭᠤᠯ ᠠᠨᠠᠭᠠᠬᠤ ᠤᠬᠠᠭᠠᠨ ᠤ ᠵᠤᠬᠢᠶᠠᠯ ᠢ ᠮᠣᠩ᠋ᠭᠤᠯ ᠬᠡᠯᠡ ᠪᠡᠷ ᠵᠤᠬᠢᠶᠠᠭᠰᠠᠨ ᠪᠠᠢ᠌ᠨ᠎ᠠ᠃ ᠡᠭᠦᠨ ᠳᠦ ᠬᠢ 《ᠡᠷᠳᠡᠨᠢ ᠶᠢᠨ ᠤᠨᠵᠢᠯᠭ᠎ᠠ》(ᠷᠢᠨᠴᠢᠨᠳᠤᠱᠠᠯ) ᠭᠡᠬᠦ ᠵᠤᠬᠢᠶᠠᠯ ᠢ ᠡᠷᠢᠵᠦ ᠴᠤᠭᠯᠠᠭᠤᠯᠬᠤ ᠠᠵᠢᠯ ᠨᠢ ᠵᠠᠭᠤ ᠭᠠᠷᠤᠢ ᠵᠢᠯ ᠶᠠᠪᠤᠭᠳᠠᠭᠰᠠᠨ ᠪᠤᠯᠪᠠᠴᠤ ᠶᠡᠷᠦ ᠣᠯᠳᠠᠭ᠎ᠠ ᠦᠭᠡᠢ ᠪᠠᠢ᠌ᠭᠰᠠᠭᠠᠷ ᠪᠠᠢ᠌ᠵᠠᠢ᠃ ᠬᠠᠷᠢᠨ 2012 ᠣᠨ ᠤ 6 ᠰᠠᠷ᠎ᠠ ᠳᠤ ᠯᠾᠱᠠ ᠬᠤᠲᠠ ᠳᠤ ᠶᠠᠪᠤᠭᠳᠠᠭᠰᠠᠨ ᠨᠢᠭᠡ ᠤᠳᠠᠭᠠᠨ ᠤ ᠬᠤᠷᠠᠯ ᠢᠶᠠᠷ ᠳᠠᠮᠵᠢᠨ ᠡᠨᠡ ᠬᠦ ᠪᠠᠢ᠌ᠳᠠᠯ ᠡᠷᠰ ᠦᠭᠡᠷᠡᠴᠢᠯᠡᠭᠳᠡᠵᠦ᠂ 《ᠡᠷᠳᠡᠨᠢ ᠶᠢᠨ ᠤᠨᠵᠢᠯᠭ᠎ᠠ》(ᠷᠢᠨᠴᠢᠨᠳᠤᠱᠠᠯ) ᠭᠡᠬᠦ ᠵᠤᠬᠢᠶᠠᠯ ᠮᠠᠨᠤᠰ ᠤᠨ ᠬᠠᠷᠠᠭᠠᠨ ᠳᠤ ᠣᠷᠤᠵᠤ᠂ ᠮᠣᠩ᠋ᠭᠤᠯ ᠠᠨᠠᠭᠠᠬᠤ ᠤᠬᠠᠭᠠᠨ ᠤ ᠲᠡᠦᠬᠡ ᠰᠤᠷᠪᠤᠯᠵᠢ ᠪᠢᠴᠢᠭ᠌ ᠦᠨ ᠰᠤᠳᠤᠯᠭᠠᠨ ᠤ ᠴᠢᠬᠤᠯᠠ ᠨᠢᠭᠡᠨ ᠢᠯᠡᠷᠡᠭᠦᠯᠦᠯᠲᠡ ᠪᠤᠯᠤᠭᠰᠠᠨ ᠪᠠᠢ᠌ᠨ᠎ᠠ᠃ ᠲᠤᠰ ᠵᠤᠬᠢᠶᠠᠯ ᠨᠢ ᠨᠡᠢ᠌ᠲᠡ ᠠᠷᠪᠠᠨ ᠲᠠᠪᠤᠨ ᠪᠦᠯᠦᠭ ᠢᠶᠡᠷ ᠪᠦᠷᠢᠯᠳᠦᠵᠦ᠂ ᠭᠤᠤᠯᠳᠠᠭᠤ ᠡᠮ ᠡᠮᠨᠡᠯᠭᠡ ᠶᠢᠨ ᠤᠬᠠᠭᠠᠨ ᠢ ᠰᠢᠰᠲ᠋ᠧᠮ ᠲᠠᠢ ᠲᠠᠨᠢᠯᠴᠠᠭᠤᠯᠤᠨ ᠲᠠᠢ᠌ᠯᠪᠤᠷᠢᠯᠠᠵᠠᠢ᠃ |
原文 |
查看原文
|
出自 |
内蒙古民族大学学报(蒙医药学)
2013年
第1期
|