摘要 |
ᠣᠷᠳᠤᠰ ᠠᠮᠠᠨ ᠠᠶᠠᠯᠭᠤ ᠪᠤᠯ ᠮᠣᠩ᠋ᠭᠤᠯ ᠬᠡᠯᠡᠨ ᠦ ᠣᠯᠠᠨ ᠠᠶᠠᠯᠭᠤᠳ ᠳᠤᠲᠤᠷᠠᠬᠢ ᠦᠪᠡᠷᠮᠢᠴᠡ ᠣᠨᠴᠠᠯᠢᠭ ᠢᠶᠡᠷ ᠨᠡᠯᠢᠶᠡᠳ ᠳᠤᠪᠤᠢ᠌ᠭᠰᠠᠨ ᠠᠮᠠᠨ ᠠᠶᠠᠯᠭᠤᠨ ᠤ ᠨᠢᠭᠡ ᠳᠦ ᠲᠤᠭᠠᠴᠢᠭᠳᠠᠬᠤ ᠶᠤᠮ᠃ ᠲᠡᠷᠡ ᠨᠢ ᠦᠪᠡᠷ ᠦᠨ ᠭᠡᠬᠦ ᠣᠨᠴᠠᠯᠢᠭ ᠢᠶᠠᠷ ᠢᠶᠠᠨ ᠪᠢᠴᠢᠭ᠌ ᠦᠨ ᠬᠡᠯᠡ ᠪᠤᠯᠤᠨ ᠪᠤᠰᠤᠳ ᠠᠶᠠᠯᠭᠤᠨ ᠠᠴᠠ ᠣᠨᠴᠠᠯᠠᠭᠳᠠᠨ ᠢᠯᠭᠠᠭᠷᠠᠳᠠᠭ᠃ ᠲᠤᠰ ᠦᠭᠦᠯᠡᠯ ᠳᠦ ᠣᠷᠳᠤᠰ ᠠᠮᠠᠨ ᠠᠶᠠᠯᠭᠤᠨ ᠳᠠᠬᠢ ᠠᠰᠠᠭᠤᠬᠤ᠂ ᠪᠠᠲᠤᠯᠠᠬᠤ᠂ ᠬᠤᠷᠢᠭᠯᠠᠬᠤ᠂ ᠦᠭᠡᠢ᠌ᠰᠭᠡᠬᠦ᠂ ᠬᠦᠴᠦ ᠨᠡᠮᠡᠭᠳᠡᠭᠦᠯᠬᠦ᠂ ᠳᠠᠬᠢᠬᠤ᠂ ᠲᠦᠰᠦᠭᠡᠯᠡᠬᠦ᠂ ᠵᠦᠪᠰᠢᠶᠡᠷᠡᠬᠦ᠂ ᠬᠦᠰᠡᠬᠦ᠂ ᠱᠠᠭᠠᠷᠳᠠᠬᠤ᠂ ᠪᠤᠯᠭᠤᠮᠵᠢᠯᠠᠬᠤ ᠵᠡᠷᠭᠡ ᠰᠤᠯᠠ ᠦᠭᠡ ᠶᠢᠨ ᠲᠠᠯ᠎ᠠ ᠪᠠᠷ ᠬᠢ ᠵᠠᠷᠢᠮ ᠣᠨᠴᠠᠯᠢᠭ ᠲᠠᠢ ᠵᠤᠢ᠌ᠯ ᠤᠳ ᠢ ᠲᠤᠳᠤᠷᠬᠠᠢ᠌ᠯᠠᠬᠤ ᠪᠠᠷ ᠵᠤᠷᠢᠯᠭ᠎ᠠ ᠪᠠᠨ ᠪᠤᠯᠭᠠᠭᠰᠠᠨ ᠶᠤᠮ᠃ |