摘要 |
ᠮᠣᠩᠭᠤᠯᠴᠤᠳ ᠤᠨ ᠣᠷᠤᠰᠢᠭᠤᠯᠭ᠎ᠠ ᠶᠢᠨ ᠦᠨᠳᠦᠰᠦᠨ ᠬᠡᠯᠪᠡᠷᠢ ᠶᠢᠨ ᠨᠢᠭᠡ ᠪᠤᠯᠬᠤ ᠭᠠᠯ ᠣᠷᠤᠰᠢᠭᠤᠯᠭ᠎ᠠ ᠶᠢ ᠭᠠᠯ ᠢᠶᠠᠷ ᠳᠡᠭᠳᠡᠭᠡᠬᠦ᠂ ᠣᠩᠭᠤᠯᠠᠵᠤ ᠬᠠᠢᠯᠤᠭᠤᠯᠬᠤ᠂ ᠵᠢᠩᠰᠡᠷᠡᠭ ᠴᠢᠳᠬᠤᠬᠤ ᠭᠡᠬᠦ ᠭᠤᠷᠪᠠᠨ ᠲᠦᠷᠦᠯ ᠳᠦ ᠲᠦᠷᠦᠯᠵᠢᠭᠦᠯᠪᠡ᠃ ᠭᠠᠯ ᠢᠶᠠᠷ ᠳᠡᠭᠳᠡᠭᠡᠬᠦ ᠵᠠᠩᠰᠢᠯ ᠶᠤᠸᠠᠨ ᠤᠯᠤᠰ ᠤᠨ ᠦᠶ᠎ᠡ ᠳᠦ ᠨᠢᠭᠡᠨᠲᠡ ᠳᠡᠯᠭᠡᠷᠡᠭᠰᠡᠨ ᠪᠦᠭᠡᠳ ᠭᠤᠤᠯᠳᠠᠭᠤ ᠬᠡᠪ ᠦᠨ ᠪᠤᠰᠤ ᠪᠠᠷ ᠦᠬᠦᠭᠰᠡᠨ ᠬᠦᠮᠦᠰ ᠢ ᠣᠷᠤᠰᠢᠭᠤᠯᠬᠤ ᠳᠤ ᠬᠡᠷᠡᠭᠯᠡᠭᠳᠡᠵᠦ ᠪᠠᠢᠪᠠ᠃ ᠣᠩᠭᠤᠯᠠᠵᠤ ᠬᠠᠢᠯᠠᠭᠤᠯᠬᠤ ᠨᠢ 16 ᠳᠤᠭᠠᠷ ᠵᠠᠭᠤᠨ ᠤ ᠰᠡᠭᠦᠯᠴᠢ ᠪᠡᠷ ᠪᠦᠷᠢᠯᠳᠦᠭᠰᠡᠨ ᠪᠦᠭᠡᠳ ᠶᠡᠬᠡᠰ ᠡᠷᠬᠢᠮ ᠦᠨ ᠪᠡᠯᠭᠡᠳᠡᠯ ᠬᠡᠯᠪᠡᠷᠢ ᠪᠤᠯᠵᠤ ᠪᠠᠢᠭᠰᠠᠨ ᠶᠤᠮ᠃ ᠯᠠᠮᠠ ᠬᠦᠮᠦᠨ ᠢ ᠵᠢᠩᠰᠡᠷᠡᠭ ᠴᠢᠳᠬᠤᠵᠤ ᠬᠠᠢᠯᠤᠭᠤᠯᠳᠠᠭ ᠪᠤᠯᠪᠠᠴᠤ ᠡᠭᠡᠯ ᠬᠦᠮᠦᠨ ᠦ ᠰᠦᠨᠡᠰᠦ᠂ ᠣᠷᠤᠯᠠᠩ ᠪᠤᠰᠬᠤ ᠠᠴᠠ ᠰᠡᠷᠭᠡᠢᠯᠡᠵᠦ ᠵᠢᠩᠰᠡᠷᠡᠭ ᠴᠢᠳᠬᠤᠬᠤ ᠴᠤ ᠪᠤᠢ᠃ ᠡᠳᠡᠭᠡᠷ ᠪᠠᠢᠳᠠᠯ ᠳᠤ ᠪᠤᠳᠠᠲᠠᠢ ᠵᠠᠳᠠᠯᠤᠯᠲᠠ ᠬᠢᠵᠦ᠂ ᠲᠡᠳᠡᠭᠡᠷ ᠦᠨ ᠡᠭᠦᠰᠦᠯ ᠦᠨ ᠰᠢᠯᠲᠠᠭᠠᠨ᠂ ᠬᠦᠭᠵᠢᠯ ᠬᠤᠪᠢᠷᠠᠯ ᠤᠨ ᠪᠠᠢᠳᠠᠯ ᠢ ᠲᠤᠳᠤᠷᠬᠠᠢᠯᠠᠵᠤ᠂ ᠭᠠᠯ ᠣᠷᠤᠰᠢᠭᠤᠯᠭ᠎ᠠ ᠳᠤ ᠢᠯᠡᠷᠡᠭᠰᠡᠨ ᠮᠣᠩᠭᠤᠯᠴᠤᠳ ᠤᠨ ᠭᠠᠯ ᠰᠢᠲᠦᠯᠭᠡ ᠶᠢᠨ ᠲᠤᠬᠠᠢ ᠰᠤᠶᠤᠯ ᠰᠡᠳᠬᠢᠴᠡ ᠶᠢ ᠰᠢᠨᠵᠢᠯᠡᠪᠡ᠃ |