摘要 |
ᠮᠣᠩᠭᠤᠯ ᠤᠯᠤᠰ ᠤᠨ ᠲᠦᠷᠦ ᠶᠢᠨ ᠬᠤᠱᠤᠢ ᠱᠠᠩᠪᠠᠯᠲᠤ ᠵᠣᠬᠢᠶᠠᠯᠴᠢ ᠴ᠂ᠯᠤᠳᠤᠢᠳᠠᠮᠪᠠ ᠶᠢᠨ 1966ᠣᠨ ᠳ᠋ᠤ ᠵᠣᠬᠢᠶᠠᠵᠤ ᠤᠯᠤᠰ ᠤᠨ ᠳ᠋ᠷᠠᠮ ᠤᠨ ᠲᠢᠶᠠᠲᠠᠷ ᠲᠦ ᠠᠷᠠᠳ ᠤᠨ ᠵᠦᠴᠦᠭᠡᠴᠢᠳ᠂ ᠡᠳᠡᠮᠲᠡᠨ ᠵᠣᠬᠢᠶᠠᠯᠴᠢ ᠡ᠂ ᠤᠶᠤᠨ ᠤ ᠨᠠᠢᠷᠠᠭᠤᠯᠵᠤ ᠲᠠᠯᠪᠢᠭᠰᠠᠨ《ᠭᠠᠷ ᠤᠨ ᠲᠠᠪᠤᠨ ᠬᠤᠷᠤᠭᠤ》 ᠵᠦᠴᠦᠭᠡ ᠪᠤᠯ ᠤᠷᠤᠭ ᠬᠤᠷᠢᠮ᠂ ᠭᠡᠷ ᠪᠦᠯᠢ ᠶᠢᠨ ᠠᠰᠠᠭᠤᠳᠠᠯ ᠢ ᠬᠦᠨᠳᠡᠭᠰᠡᠨ ᠶᠤᠰᠤ ᠰᠤᠷᠲᠠᠬᠤᠨ ᠤ ᠰᠡᠳᠦᠪᠲᠦ ᠵᠦᠴᠦᠭᠡ ᠮᠦᠨ᠃ ᠲᠤᠰ ᠵᠦᠴᠦᠭᠡ ᠳ᠋ᠤ ᠭᠡᠷ ᠪᠦᠯᠢ ᠶᠢᠨ ᠬᠠᠷᠢᠴᠠᠭ᠎ᠠ᠂ ᠬᠡᠦᠬᠡᠳ ᠤᠨ ᠬᠤᠪᠢ ᠵᠠᠶᠠᠭᠠᠨ ᠤ ᠮᠠᠰᠢ ᠨᠠᠷᠢᠨ ᠡᠭᠡᠵᠡᠭᠳᠡᠢ ᠠᠰᠠᠭᠤᠲᠠᠯ ᠢ ᠨᠡᠢᠭᠡᠮ ᠤᠨ ᠠᠭᠤᠯᠭ᠎ᠠ ᠲᠠᠢ ᠨᠢᠭᠲᠠ ᠬᠤᠯᠪᠤᠨ᠂ ᠤᠷᠠᠨ ᠰᠠᠢᠬᠠᠨ ᠤ ᠲᠡᠭᠦᠰ ᠪᠤᠯᠪᠠᠰᠤᠷᠠᠭᠰᠠᠨ ᠬᠡᠯᠪᠡᠷᠢ ᠪᠡᠷ ᠭᠠᠷᠭᠠᠭᠰᠠᠨ ᠤᠴᠢᠷ ᠡᠴᠡ ᠰᠣᠶᠣᠯ ᠤᠷᠠᠯᠢᠭ ᠤᠨ ᠭᠠᠵᠠᠷ ᠤᠳ ᠲᠦ ᠪᠠᠢᠩᠭᠤ ᠲᠤᠭᠯᠠᠳᠠᠭ ᠵᠦᠴᠦᠭᠡ ᠪᠤᠯᠤᠭᠰᠠᠨ ᠪᠠᠢᠨ᠎ᠠ᠃ |