摘要 |
ᠯᠤᠴᠣᠩᠲᠤᠪᠲᠤᠨᠴᠠᠷᠠᠨᠽᠤᠮᠪᠤᠯ(1890-1932)(ᠲᠤᠷᠤᠭᠰᠢ ᠪᠠᠨ ᠰᠢᠨᠴᠢᠨ ᠭᠡᠭᠡᠨ ᠭᠡᠵᠦ ᠲᠦᠭᠦᠮᠴᠢᠯᠠᠨᠠ) ᠪᠣᠯ ᠴᠠᠭᠠᠨ ᠪᠠᠷᠰ ᠵᠢᠯ ᠤᠨ ᠴᠠᠭᠠᠨ ᠰᠠᠷ ᠠ ᠶᠢᠨ ᠰᠢᠨ᠎ᠠ ᠶᠢᠨ ᠨᠢᠭᠡᠨ ᠳ᠋ᠤ ᠦᠨᠡᠨ ᠰᠦᠰᠦᠭᠲᠦ ᠬᠠᠭᠤᠴᠢᠨ ᠲᠤᠷᠭᠤᠳ ᠠᠢᠮᠠᠭ ᠤᠨ ᠡᠮᠦᠨᠡᠲᠦ ᠵᠠᠮ ᠤᠨ ᠴᠢᠭᠤᠯᠭᠠᠨ(ᠲᠤᠷᠤᠭᠰᠢ ᠪᠠᠨ ᠬᠠᠭᠤᠴᠢᠨ ᠲᠤᠷᠭᠤᠳ ᠠᠢᠮᠠᠭ ᠭᠡᠵᠦ ᠲᠦᠭᠦᠮᠴᠢᠯᠠᠨᠠ)ᠪ ᠪᠤᠶᠠᠨᠴᠣᠭᠲᠤ ᠬᠠᠨ ᠤ ᠲᠦᠷᠪᠡᠳᠦᠭᠡᠷ ᠬᠦᠪᠡᠭᠦᠨ ᠪᠣᠯᠤᠨ ᠲᠤᠳᠤᠷᠠᠵᠠᠢ᠃ ᠲᠤᠯᠤᠭᠠᠨ ᠨᠠᠰᠤᠲᠠᠢ ᠳ᠋ᠠᠭᠠᠨ ᠪᠠᠽᠠᠷ ᠳ᠋ᠠᠷᠠᠨ ᠯᠠᠮᠠ ᠡᠴᠡ ᠬᠤᠸᠠᠷᠠᠭ ᠤᠨ ᠰᠠᠮᠨᠠᠷ ᠬᠦᠷᠲᠡᠵᠦ᠂ ᠲᠤᠪᠳᠤᠨᠴᠠᠷᠠᠨᠽᠤᠮᠪᠤᠯ ᠭᠡᠳᠡᠭ ᠱᠠᠰᠢᠨ ᠤ ᠨᠡᠷ ᠠ ᠤᠯᠵᠠᠢ᠃ ᠠᠷᠪᠠᠨ ᠲᠪᠤᠲᠠᠢ ᠳ᠋ᠠᠭᠠᠨ ᠲᠦᠪᠡᠳ ᠤᠨ ᠭᠠᠯᠲᠠᠨ ᠬᠡᠢᠢᠳ ᠲᠦ ᠰᠠᠭᠠᠲᠠᠵᠤ᠂ ᠪᠣᠷᠬᠠᠨ ᠤ ᠨᠣᠮ ᠤᠨ ᠪᠣᠯᠪᠠᠰᠤᠷᠠᠯ ᠵᠢᠵᠦ᠂ ᠬᠡᠯᠦᠩ ᠤᠨ ᠰᠠᠨᠠᠮᠠᠷ ᠬᠦᠷᠲᠡᠭᠰᠡᠨ ᠪᠠᠢᠨ᠎ᠠ᠃1907 ᠣᠨ ᠳ᠋ᠤ᠂ ᠲᠦᠷᠦᠭᠰᠡᠨ ᠨᠤᠲᠤᠭ ᠲᠠᠭᠠᠨ ᠡᠷᠬᠢᠨ ᠢᠷᠡᠵᠦ᠂ ᠬᠠᠭᠤᠴᠢᠨ ᠲᠤᠷᠭᠤᠳ ᠠᠢᠮᠠᠭ ᠤᠨ ᠨᠤᠲᠤᠭ ᠨᠢᠷᠤᠭᠤᠨ ᠳ᠋ᠠᠭᠠᠨ ᠵᠢᠩᠬᠢᠨᠢ ᠬᠤᠪᠢᠯᠭᠠᠨ ᠢᠢᠡᠷ ᠬᠦᠳᠦᠳᠭᠡᠭᠳᠡᠨ《ᠰᠢᠨᠴᠢᠨ ᠭᠡᠭᠡᠨ》 ᠪᠣᠶᠣ 《ᠲᠤᠢᠨ ᠨᠤᠶᠠᠨ》ᠭᠡᠵᠦ ᠲᠠᠭᠤᠳᠠᠭᠳᠠᠵᠠᠢ᠃ |