摘要 |
ᠮᠤᠨᠭᠭᠤᠯ ᠠᠳᠤᠭᠤᠨ ᠠᠷᠠᠯᠵᠢᠶ᠎ᠠ ᠪᠤᠯ ᠠᠯᠢ ᠡᠷᠲᠡᠨ ᠡᠴᠡ ᠪᠠᠶᠢᠭᠰᠠᠨ ᠶᠤᠮ᠃ ᠲᠡᠷᠡ ᠨᠢ ᠤᠮᠠᠷᠠᠲᠤ ᠶᠤᠸᠠᠨ ᠤᠯᠤᠰ ᠤᠨ ᠦᠶ᠎ᠡ ᠳᠦ ᠬᠦᠷᠴᠦ ᠢᠷᠡᠭᠡᠳ ᠤᠯᠠᠮ ᠳᠦᠷᠢᠮᠵᠢᠨ ᠲᠡᠭᠦᠯᠳᠡᠷᠵᠢᠵᠡᠢ᠃ ᠠᠯᠲᠠᠨ ᠬᠠᠨ ᠤ ᠦᠶ᠎ᠡ ᠪᠤᠯ ᠮᠢᠩ ᠭᠦᠷᠦᠨ ᠯᠦᠭᠡ ᠳᠤᠮᠤ ᠬᠡᠪᠴᠢᠶᠡᠨ ᠦ ᠠᠳᠤᠭᠤᠨ ᠠᠷᠠᠯᠵᠢᠶ᠎ᠠ ᠬᠢᠵᠦ ᠪᠠᠶᠢᠭᠰᠠᠨ ᠴᠠᠭ ᠦᠶ᠎ᠡ ᠪᠤᠯᠤᠨ᠎ᠠ᠃ ᠡᠨᠡ ᠨᠢ ᠠᠯᠲᠠᠨ ᠬᠠᠨ ᠤ ᠠᠪᠤᠭᠰᠠᠨ ᠠᠷᠭ᠎ᠠ ᠪᠤᠳᠤᠯᠭ᠎ᠠ ᠯᠤᠭ᠎ᠠ ᠰᠢᠭᠤᠳ ᠬᠤᠯᠪᠤᠭ᠎ᠠ ᠲᠠᠢ ᠶᠤᠮ᠃ ᠴᠢᠩ ᠤᠯᠤᠰ ᠤᠨ ᠦᠶ᠎ᠡ ᠳᠦ ᠬᠦᠷᠴᠦ ᠢᠷᠡᠭᠡᠳ ᠮᠤᠨᠭᠭᠤᠯ ᠤᠷᠤᠨ ᠨᠢ ᠲᠤᠳᠤᠷ ᠤᠷᠤᠨ ᠲᠠᠢ ᠨᠢᠭᠡ ᠭᠦᠷᠦᠨ ᠳᠦ ᠬᠠᠷᠢᠶᠠᠯᠠᠭᠳᠠᠬᠤ ᠪᠤᠯᠤᠭᠰᠠᠨ ᠨᠢ ᠠᠳᠤᠭᠤᠨ ᠠᠷᠠᠯᠵᠢᠶ᠎ᠠ ᠶᠢᠨ ᠬᠦᠭ᠍ᠵᠢᠯᠲᠡ ᠳᠦ ᠲᠤᠬᠢᠲᠠᠢ ᠨᠦᠬᠦᠴᠡᠯ ᠪᠤᠯᠤᠮᠵᠢ ᠶᠢ ᠤᠯᠭᠤᠪᠠ᠃ ᠬᠦᠬᠡᠬᠤᠲᠠ ᠪᠤᠯ ᠲᠤᠬᠠᠢ ᠶᠢᠨ ᠦᠶ᠎ᠡ ᠶᠢᠨ ᠬᠠᠮᠤᠭ ᠤᠨ ᠲᠤᠮᠤ ᠠᠳᠤᠭᠤᠨ ᠵᠠᠬ᠎ᠠ ᠪᠠᠶᠢᠵᠠᠢ᠃ 《ᠦᠨ᠎ᠡ ᠵᠠᠰᠠᠭᠴᠢ》ᠪᠤᠯ ᠴᠢᠩ ᠤᠯᠤᠰ ᠤᠨ ᠠᠳᠤᠭᠤᠨ ᠠᠷᠠᠯᠵᠢᠶ᠎ᠠ ᠳᠠᠬᠢ ᠰᠢᠨ᠎ᠡ ᠨᠢᠭᠡᠨ ᠦᠵᠡᠭᠳᠡᠯ ᠪᠤᠯᠤᠨ᠎ᠠ᠃ |