题名 |
ᠰᠣᠨᠢᠨ ᠮᠡᠳᠡᠭᠡᠯᠡᠯ ᠤᠨ ᠦᠢᠯᠡᠰ ᠤᠨ ᠨᠡᠢᠭᠡᠮ ᠤᠨ ᠴᠢᠳᠠᠪᠬᠢ ᠵᠢ ᠲᠠᠬᠢᠨ ᠦᠭᠦᠶᠯᠡᠬᠦ ᠨᠢ |
作者 |
ᠪᠦᠬᠡᠡᠦ᠋ᠨᠳᠦᠰᠦ |
关键词 |
ᠰᠣᠨᠢᠨ ᠮᠡᠳᠡᠭᠡᠯᠡᠯ ᠦᠢᠯᠡᠰ; ᠨᠡᠢᠭᠡᠮ ᠤᠨ ᠴᠢᠳᠠᠪᠬᠢ; ᠰᠣᠨᠢᠨ ᠮᠡᠳᠡᠭᠡᠯᠡᠯ;ᠤᠬᠠᠭᠤᠯᠭ᠎ᠠ; ᠶᠠᠷᠢᠶ ᠠ ᠬᠡᠯᠡᠯᠴᠡᠭᠡ |
摘要 |
ᠰᠣᠨᠢᠨ ᠮᠡᠳᠡᠭᠡᠨ ᠳ᠋ᠤ ᠦᠢᠯᠡᠰ ᠭᠡᠳᠡᠭ ᠨᠢ ᠰᠣᠨᠢᠨ ᠤ ᠬᠤᠷᠢᠶ ᠠ᠂ ᠷᠠᠳᠢᠤ ᠨᠡᠪᠲᠡᠷᠡᠬᠦᠯᠭᠡ᠂ ᠲᠸᠯᠸᠢᠰ ᠬᠤᠷᠢᠶ ᠠ᠂ ᠴᠢᠮᠡᠭᠡᠯᠡᠯ ᠤᠨ ᠬᠤᠷᠢᠶ ᠠ ᠪᠡᠷ ᠭᠤᠤᠯ ᠪᠣᠯᠭᠠᠨ᠂ ᠤᠬᠠᠭᠤᠯᠤᠯ᠂ ᠦᠷᠨᠢᠬᠦᠯᠦᠯ᠂ ᠰᠤᠷᠠᠭ ᠵᠠᠩᠬᠢ᠃ ᠰᠢᠬᠦᠮᠵᠢ ᠬᠤᠷᠢᠶᠠᠨ ᠤ ᠦᠭᠦᠯᠡᠯ ᠳ᠋ᠤ ᠰᠠᠭᠤᠷᠢᠯᠠᠨ᠂ ᠮᠡᠳᠡᠭᠡ ᠶᠢᠨ ᠴᠢᠨᠠᠷ ᠲᠠᠢ ᠨᠡᠢᠲᠡᠯᠭᠡ ᠬᠠᠪᠰᠤᠷᠭᠠᠭᠰᠠᠨ ᠠᠭᠤᠯᠭ᠎ᠠ ᠪᠡᠷ ᠨᠡᠢᠭᠡᠮ ᠳ᠋ᠤ ᠦᠢᠯᠡᠴᠢᠯᠡᠬᠦ ᠲᠤᠮᠤ ᠬᠡᠯᠪᠡᠷᠢ ᠶᠢᠨ ᠦᠢᠯᠡᠰ ᠪᠣᠯᠤᠨ᠎ᠠ᠃ ᠰᠣᠨᠢᠨ ᠮᠡᠳᠡᠭᠡᠯᠡᠯ ᠤᠨ ᠤᠯᠠᠮᠵᠢᠯᠠᠭ᠎ᠠ ᠶᠢᠨ ᠠᠷᠭ᠎ᠠ ᠭᠡᠯᠪᠡᠷᠢ ᠨᠢ ᠲᠣᠬᠢᠶ ᠠ ᠲᠡᠮᠳᠡᠭ ᠡᠴᠡ ᠦᠭᠡ ᠬᠡᠯᠡᠨ ᠳ᠋ᠤ ᠰᠢᠯᠵᠢᠨ᠂ ᠲᠡᠬᠢᠨ ᠭᠡᠪᠯᠡᠯ ᠪᠠᠷ ᠢᠢᠡᠷ ᠤᠷᠤᠯᠠᠭᠲᠠᠨ᠂ ᠴᠠᠬᠢᠯᠭᠠᠨ ᠤᠯᠠᠮᠵᠢᠯᠠᠭ᠎ᠠ ᠲᠠᠮᠵᠢᠨ ᠤᠲᠤ ᠦᠶ ᠠ ᠶᠢᠨ ᠡᠯᠸᠺᠲ᠋ᠷᠤᠨ ᠮᠡᠷᠭᠡᠵᠢᠯ ᠤᠨ ᠤᠯᠠᠮᠵᠢᠯᠠᠭ᠎ᠠ ᠳ᠋ᠤ ᠲᠠᠪᠰᠢᠵᠠᠢ᠃ ᠰᠣᠨᠢᠨ ᠮᠡᠳᠡᠭᠡᠨ ᠤ ᠦᠢᠯᠡᠰ ᠨᠢ ᠰᠣᠨᠢᠨ ᠮᠡᠳᠡᠭᠡᠯᠡᠯ ᠨᠡᠢᠳᠡᠯᠬᠦ ᠳ᠋ᠤ ᠲᠦᠰᠢᠭᠯᠡᠨ᠂ ᠨᠡᠢᠭᠡᠮ ᠤᠨ ᠶᠠᠷᠢᠶ ᠠ ᠬᠡᠯᠡᠯᠴᠡᠭᠡ ᠵᠢ ᠨᠦᠯᠦᠭᠡᠯᠡᠵᠦ ᠤᠬᠠᠭᠤᠯᠭ ᠠ ᠶᠢᠨ ᠦᠢᠯᠡᠳᠦᠯ᠂ 《ᠤᠯᠠᠨ ᠨᠡᠢᠲᠡ ᠶᠢᠨ ᠵᠣᠬᠢᠶᠠᠨ ᠪᠠᠢᠭᠤᠯᠤᠭᠴᠢ》 ᠶᠢᠨ ᠦᠢᠯᠡᠳᠦᠯ ᠵᠡᠷᠭᠡ ᠨᠡᠢᠭᠡᠮ ᠤᠨ ᠴᠢᠳᠠᠪᠬᠢ ᠪᠠᠨ ᠪᠠᠳᠠᠷᠠᠭᠤᠯᠳᠠᠭ᠃ |
原文 |
查看原文
|
出自 |
蒙古学研究
2014年
第4期
|