题名 |
ᠮᠠᠯ ᠲᠠᠷᠢᠶᠠᠯᠠᠩ ᠰᠣᠯᠪᠢᠴᠠᠭᠰᠠᠨ ᠪᠦᠰᠡ ᠶᠢᠨ ᠣᠷᠤᠨ ᠬᠡᠪᠴᠢᠶᠠᠨ ᠤ ᠣᠨᠴᠠᠯᠢᠭ ᠤᠨ ᠲᠣᠬᠠᠢ |
作者 |
ᠬᠦᠭᠵᠢᠯᠲᠦ |
关键词 |
ᠮᠠᠯ ᠲᠠᠷᠢᠶᠠᠯᠩ ᠰᠤᠯᠪᠢᠴᠠᠭᠰᠠᠨ ᠪᠦᠰᠡ; ᠣᠷᠤᠨ ᠬᠡᠪᠴᠢᠶ ᠡ; ᠭᠦᠭᠵᠢᠯ ᠤᠨ ᠮᠣᠲ᠋ᠸᠯ |
摘要 |
ᠮᠠᠯ ᠲᠠᠷᠢᠶᠠᠯᠠᠩ ᠰᠣᠺᠪᠢᠴᠠᠭᠰᠠᠨ ᠪᠦᠰᠡ ᠨᠢ ᠣᠷᠤᠨ ᠬᠡᠪᠴᠢᠶᠠᠨ ᠤ ᠠᠮᠢ ᠠᠬᠤᠢ ᠶᠢᠨ ᠠᠵᠤ ᠠᠬᠤᠢ ᠶᠢᠨ ᠨᠡᠢᠭᠡᠮ ᠤᠨ ᠨᠡᠢᠯᠡᠮᠡᠯ ᠰᠢᠰᠲ᠋ᠸᠮ ᠤᠨ ᠬᠤᠪᠢ ᠳᠤ᠄(ᠨᠢᠭᠡ) ᠭᠠᠵᠠᠷ ᠰᠢᠷᠤᠢ ᠶᠢᠨ ᠰᠢᠯᠵᠢᠯᠲᠡ ᠶᠢᠨ ᠬᠦᠪᠡᠭᠡᠲᠦ ᠴᠢᠨᠠᠷ ᠲᠠᠢ᠃(ᠬᠤᠶᠠᠷ) ᠠᠮᠢ ᠠᠬᠤᠢ ᠶᠢᠨ ᠰᠤᠯᠠ ᠰᠠᠢᠷᠡᠭ᠌ ᠴᠢᠨᠠᠷ ᠲᠠᠢ᠃(ᠭᠤᠷᠪᠠ) ᠠᠵᠤ ᠠᠬᠤᠢ ᠶᠢᠨ ᠬᠤᠴᠤᠷᠤᠩᠭᠤᠢ ᠴᠢᠨᠠᠷ ᠬᠢᠭᠡᠳ ᠦᠨᠳᠦᠰᠦᠲᠡᠨ ᠤ ᠬᠠᠭᠠᠭᠳᠠᠮᠠᠯ ᠴᠢᠨᠠᠷ ᠲᠠᠢ ᠪᠠᠢᠵᠤ᠂ ᠮᠠᠨ ᠤ ᠤᠯᠤᠰ ᠤᠨ ᠠᠮᠢ ᠠᠬᠤᠢ᠂ ᠠᠵᠤ ᠠᠬᠤᠢ ᠶᠢᠨ ᠬᠤᠤᠰ《ᠲᠤᠤᠷ ᠠ ᠬᠦᠨᠳᠡᠢ》ᠣᠷᠤᠨ ᠪᠣᠯᠤᠭᠰᠠᠨ ᠪᠠᠢᠨ᠎ᠠ᠃ ᠡᠢᠮᠦ ᠡᠴᠡ ᠲᠤᠰ ᠪᠦᠰᠡ ᠵᠢ ᠨᠡᠭᠡᠭᠡᠨ ᠬᠦᠭᠵᠢᠬᠦᠯᠬᠦ ᠵᠣᠷᠢᠯᠲᠠ ᠮᠠᠲ᠋ᠧᠯ ᠤᠨ ᠲᠠᠯ ᠠ ᠪᠡᠷ᠂ ᠣᠳᠤᠬᠠᠨ ᠤ ᠤᠯᠤᠰ ᠡᠴᠡ ᠬᠡᠷᠡᠭᠵᠢᠬᠦᠯᠵᠦ ᠪᠠᠢᠭ᠎ᠠ《ᠪᠠᠷᠠᠭᠤᠨ ᠣᠷᠤᠨ ᠢ ᠶᠡᠭᠡᠪᠡᠷ ᠨᠡᠭᠡᠭᠡᠬᠦ》ᠪᠠᠢᠯᠲᠤᠬᠤ ᠪᠣᠳᠤᠯᠭ᠎ᠠ ᠶᠢᠨ ᠠᠰᠢᠭᠲᠠᠢ ᠲᠣᠬᠢᠶᠠᠯ ᠢ ᠲᠠᠮᠵᠢᠨ᠂ ᠠᠮᠢ ᠠᠬᠤᠢ ᠶᠢᠨ ᠲᠠᠷᠢᠶᠠᠯᠠᠩ ᠤᠨ ᠤᠨᠤᠯ ᠢᠢᠡᠷ ᠵᠢᠯᠤᠭᠤᠳᠤᠯᠭ᠎ᠠ ᠪᠣᠯᠭᠠᠨ᠂ ᠦᠷᠬᠦᠯᠵᠢᠯᠡᠭᠰᠡᠨ ᠭᠦᠭᠵᠢᠯ ᠤᠨ ᠵᠠᠮ ᠢᠢᠡᠷ ᠵᠠᠮᠨᠠᠬᠤ ᠡᠴᠡ ᠦᠭᠡᠷ ᠠ ᠠᠷᠭ᠎ᠠ ᠦᠭᠡᠢ᠃ ᠲᠠᠷᠤᠢ᠄(ᠨᠢᠭᠡ) ᠵᠣᠬᠢᠰᠲᠠᠢ ᠵᠣᠬᠢᠶᠠᠮᠠᠯ ᠠᠮᠢ ᠠᠬᠤᠢ ᠶᠢᠨ ᠰᠢᠰᠲ᠋ᠸᠮ ᠢ ᠪᠤᠢ ᠪᠣᠯᠭᠠᠬᠤ;9ᠬᠤᠶᠠᠷ) ᠠᠮᠢᠲᠤ ᠪᠣᠳᠠᠰ ᠤᠨ ᠲᠤᠬᠢᠷᠠᠮᠵᠢᠲᠠᠢ ᠮᠡᠷᠭᠡᠵᠢᠯ ᠢᠢᠡᠷ ᠭᠤᠤᠯᠯᠠᠭᠰᠠᠨ ᠮᠡᠷᠭᠡᠵᠢᠯ ᠤᠨ ᠰᠢᠰᠲ᠋ᠸᠮ ᠢ ᠪᠤᠢ ᠪᠣᠯᠭᠠᠬᠤ;(ᠭᠤᠷᠪᠠ) ᠵᠣᠬᠢᠰᠲᠠᠢ ᠠᠵᠤ ᠦᠢᠯᠡᠰ ᠤᠨ ᠪᠦᠲᠦᠴᠡ ᠵᠢ ᠪᠤᠢ ᠪᠣᠯᠭᠠᠬᠤ;(ᠲᠦᠷᠪᠡ) ᠬᠤᠷᠰᠢᠶ ᠠ ᠠᠵᠤ ᠠᠬᠤᠢ ᠵᠢ ᠦᠷᠭᠡᠳᠭᠡᠬᠦ;(ᠲᠠᠪᠤ) ᠬᠦᠳᠡᠯᠮᠦᠷᠢ ᠬᠦᠴᠦᠨ ᠤ ᠭᠠᠳᠠᠭᠰᠢ ᠠᠵᠢᠯ ᠡᠷᠬᠢᠯᠡᠬᠦ ᠵᠢ ᠭᠦᠭᠵᠢᠬᠦᠯᠬᠦ ᠵᠢᠴᠢ ᠬᠦᠮᠦᠨ ᠠᠮᠠ ᠶᠢᠨ ᠴᠢᠨᠠᠷ ᠴᠢᠨᠰᠠᠭ᠎ᠠ ᠵᠢ ᠲᠡᠭᠡᠭᠰᠢᠯᠡᠬᠦᠯᠬᠦ ᠵᠡᠷᠭᠡ ᠪᠣᠯᠤᠨ᠎ᠠ᠃ |
原文 |
没有原文
|
出自 |
蒙古学研究
2001年
第1期
|