摘要 |
ᠺᠤᠫᠸᠬᠠᠩᠸᠠ ᠦ ᠬᠡᠯᠡ ᠰᠢᠨᠵᠢᠯᠡᠯ ᠤᠨ ᠤᠨᠤᠯ ᠤᠨ ᠲᠤᠭᠳᠠᠴᠠ ᠶᠢ ᠲᠠᠨᠢᠯᠴᠠᠭᠤᠯᠬᠤ ᠳᠠᠭᠠᠨ ᠂ ᠳᠡᠭᠦᠨ ᠦ ᠬᠡᠯᠡᠨ ᠦ ᠤᠨᠤᠯ ᠤᠨ ᠡᠭᠦᠰᠦᠯ ᠪᠦᠷᠢᠯᠳᠦᠯ᠂ ᠬᠡᠯᠡ ᠰᠢᠨᠵᠢᠯᠡᠭᠴᠢ ᠨᠠᠷ ᠤᠨ ᠬᠡᠯᠡᠨ ᠦ ᠲᠤᠬᠠᠢ ᠦᠵᠡᠯᠳᠡ᠂ ᠲᠦᠯᠦᠬᠡᠯᠡᠬᠦ ᠴᠢᠨᠠᠷ ᠲᠠᠢ ᠵᠤᠬᠢᠶᠠᠯ ᠪᠦᠳᠦᠭᠡᠯ᠋ ᠲᠠᠨᠢᠯᠴᠠᠭᠤᠯᠬᠤ ᠶᠢᠨ ᠬᠠᠮᠳᠤ ᠭᠤᠤᠯ ᠨᠢ ᠳ᠋ᠸ᠂ ᠰᠡᠰᠰᠦ᠋ᠷᠸ ᠤᠨ 《ᠬᠡᠯᠡ ᠪᠤᠯ ᠬᠡᠯᠪᠡᠷᠢ ᠮᠦᠨ᠂ ᠪᠤᠲᠠᠳᠠᠢ ᠴᠤᠭᠴᠠ ᠪᠢᠰᠢ》᠂《ᠬᠡᠯᠡ ᠪᠤᠯ ᠦᠷᠳᠡᠭ ᠤᠨ ᠲᠤᠭᠳᠠᠯᠴᠠᠭ᠎ᠠ ᠮᠦᠨ》ᠬᠡᠳᠡᠭ ᠦᠨᠳᠦᠰᠦᠨ ᠦᠵᠡᠯ ᠰᠠᠨᠠᠭ᠎ᠠ ᠶᠢ ᠬᠡᠷᠢᠨ ᠤᠯᠠᠮᠵᠢᠯᠠᠨ ᠬᠦᠭ᠍ᠵᠢᠭᠦᠯᠵᠦ᠂ ᠳᠡᠷᠡᠬᠦ ᠤᠨᠤᠯ ᠶᠢᠨᠷ ᠮᠦᠨ ᠴᠢᠨᠡᠷ ᠬᠡᠯᠡᠨ ᠦ ᠪᠦᠳᠦᠴᠡ ᠶᠢᠨ ᠲᠤᠭᠳᠠᠴᠠ᠂ ᠬᠡᠯᠡᠨ ᠦ ᠬᠠᠷᠢᠯᠴᠠᠭᠤᠷ ᠤᠨ ᠴᠢᠳᠠᠮᠵᠢ ᠵᠢᠴᠢ ᠬᠡᠯᠡᠨ ᠦ ᠲᠤᠬᠢᠶ ᠠ ᠳᠡᠮᠳᠡᠭ ᠤᠨ ᠰᠢᠨᠵᠢ᠂ ᠬᠡᠯᠡᠨ ᠦ ᠤᠳᠬ ᠠ ᠪᠠ ᠬᠡᠯᠪᠡᠷᠢ ᠶᠢᠨ ᠬᠠᠷᠢᠴᠠᠭ᠎ᠠ᠂ ᠬᠡᠯᠡᠨ ᠦ ᠨᠢᠬᠡᠴᠢ ᠨᠤᠭᠦᠳ ᠤᠨ ᠲᠤᠬᠢᠷᠠᠯᠴᠠᠭᠠᠨ᠋᠋ ᠳᠡᠬᠢ ᠬᠠᠷᠢᠯᠴᠠᠨ ᠬᠢᠵᠠᠭᠠᠷᠯᠠᠬᠤ ᠰᠢᠨᠵᠢ ᠶᠢ ᠲᠤᠳᠤᠷᠬᠠᠢᠯᠠᠬᠤ ᠢᠷᠡᠭᠰᠡᠨ ᠶᠠᠪᠤᠴᠠ ᠶᠢ ᠵᠢᠭᠠᠵᠤ ᠭᠠᠷᠭᠠᠬᠤ ᠶᠢᠨ ᠬᠠᠮᠳᠤ ᠲᠤᠰ ᠤᠷᠤᠰᠬᠠᠯ ᠪᠦᠯᠦᠭ ᠤᠨ ᠲᠦᠯᠦᠬᠡᠯᠡᠭᠴᠢ ᠪᠤᠯᠬᠤ ᠶᠸᠯᠡᠰᠯᠸᠸ᠋ ᠼᠨ ᠬᠡᠯᠡᠨ ᠦ ᠤᠨᠤᠯ ᠤᠨ ᠡᠭᠦᠰᠦᠯ ᠪᠦᠷᠢᠯᠳᠦᠯ ᠤᠨ ᠱᠠᠳᠤ ᠦᠶ ᠡ ᠶᠢ ᠦᠶᠡᠯᠡᠵᠤ ᠲᠤᠳᠤᠷᠬᠠᠢᠯᠠᠪᠠ᠃ |