摘要 |
ᠲᠤᠰ ᠦᠭᠦᠯᠡᠯ ᠳᠦ ᠂ ᠮᠣᠩ᠋ᠭᠤᠯ ᠲᠡᠦᠬᠡᠨ ᠰᠤᠷᠪᠤᠯᠵᠢ᠂ ᠠᠷᠾᠧᠤᠯᠤᠬᠢ ᠶᠢᠨ ᠣᠯᠳᠠᠪᠤᠷᠢ᠂ ᠬᠠᠳᠠᠨ ᠵᠢᠷᠤᠭ ᠤᠨ ᠮᠠᠲ᠋ᠧᠷᠢᠶᠠᠯ ᠢᠶᠠᠷ ᠯᠠᠪᠯᠠᠯᠲᠠ ᠪᠤᠯᠭᠠᠵᠤ᠂ ᠡᠷᠳᠡᠮᠲᠡᠳ ᠦᠨ ᠦᠩ᠋ᠭᠡᠷᠡᠭᠰᠡᠨ ᠦ ᠰᠤᠳᠤᠯᠤᠯ ᠤᠨ ᠪᠦᠲᠦᠭᠡᠯ ᠳᠦ ᠲᠤᠯᠭᠠᠭᠤᠷᠢᠯᠠᠨ ᠮᠣᠩ᠋ᠭᠤᠯᠴᠤᠳ ᠤᠨ ᠣᠷᠤᠨ ᠰᠠᠭᠤᠴᠠ ᠶᠢᠨ ᠡᠭᠦᠰᠦᠯ ᠬᠦᠭ᠍ᠵᠢᠯ ᠦᠨ ᠪᠠᠢ᠌ᠳᠠᠯ ᠢ ᠲᠤᠢ᠌ᠮᠤᠴᠢᠯᠠᠨ ᠰᠢᠨᠵᠢᠯᠡᠵᠦ᠂ ᠤᠯᠠᠷᠢᠯ ᠬᠦᠭ᠍ᠵᠢᠯ ᠨ ᠤᠯᠠ ᠮᠦᠷ ᠦᠨ ᠬᠢᠨᠢ ᠪᠤᠷᠤ ᠲᠦᠯᠦᠪ ᠢ ᠨᠢᠭᠡᠨ ᠰᠢᠰᠲ᠋ᠧᠮ ᠪᠤᠯᠭᠠᠨ ᠲᠤᠳᠤᠷᠬᠠᠢ᠌ᠯᠠᠪᠠ᠃ ᠡᠭᠦᠨ ᠳᠦ ᠂ ᠪᠠᠢ᠌ᠭᠠᠯᠢᠯᠢᠭ ᠠᠭᠤᠢ᠂ ᠮᠠᠯᠲᠠᠮᠠᠯ ᠪᠤᠶᠤ ᠬᠢᠮᠡᠯ ᠠᠭᠤᠢ᠂ ᠡᠷᠦᠭᠡᠨ ᠭᠡᠷ ᠵᠡᠷᠭᠡ ᠭᠠᠵᠠᠷ ᠰᠠᠭᠤᠴᠠ ᠠᠴᠠ ᠤᠪᠤᠬᠠᠢ᠂ ᠱᠤᠪᠤᠬᠠᠢ᠂ ᠴᠡᠭᠡᠵᠢᠨ ᠭᠡᠷ ᠭᠡᠬᠦ ᠮᠡᠲᠦ ᠳᠦᠭᠦᠮ ᠪᠦᠲᠦᠴᠡᠲᠦ ᠣᠷᠤᠨ ᠰᠠᠭᠤᠴᠠ ᠶᠢ ᠳᠠᠮᠵᠢᠭᠠᠳ᠂ ᠲᠤᠭᠤᠨᠤ᠂ ᠤᠨᠢ᠂ ᠬᠠᠨ᠎ᠠ ᠶᠢᠨ ᠨᠠᠷᠢᠨ ᠢᠯᠭᠠᠮᠵᠢ ᠲᠠᠢ ᠬᠠᠨᠠᠲᠤ ᠭᠡᠷ — ᠮᠣᠩ᠋ᠭᠤᠯ ᠭᠡᠷ ᠲᠦ ᠰᠢᠯᠵᠢᠭᠰᠡᠨ ᠭᠤᠷᠪᠠᠨ ᠱᠠᠲᠤᠨ ᠤ ᠬᠦᠭ᠍ᠵᠢᠯ ᠦᠨ ᠲᠦᠯᠦᠪ ᠲᠡᠢ ᠭᠡᠵᠦ ᠦᠵᠡᠪᠡ᠃ |