题名 |
RS ᠪᠠ GIS ᠮᠡᠷᠭᠡᠵᠢᠯ ᠳᠦ ᠰᠠᠭᠤᠷᠢᠯᠠᠨ ᠣᠷᠳᠤᠰ ᠬᠤᠲᠠ ᠶᠢᠨ ᠭᠠᠵᠠᠷ ᠰᠷᠦᠢ ᠶᠢᠨ ᠠᠰᠢᠭᠯᠠᠯᠲᠠ ᠶᠢᠨ ᠬᠦᠳᠡᠯᠦᠩᠭᠦᠢ ᠪᠠᠢ᠌ᠳᠠᠯ ᠢ ᠵᠠᠳᠠᠯᠬᠤ ᠨᠢ |
作者 |
ᠪᠤᠤ ᠰᠦᠶ᠎ᠡ; ᠶᠢᠨ ᠱᠠᠨ |
关键词 |
ᠣᠷᠳᠤᠰ ᠬᠤᠲᠠ; ᠭᠠᠵᠠᠷ ᠰᠢᠷᠦᠢ ᠶᠢᠨ ᠠᠰᠢᠭᠯᠠᠯᠲᠠ; ᠬᠦᠳᠡᠯᠦᠩᠭᠦᠢ ᠪᠠᠢ᠌ᠳᠠᠯ; RS ᠪᠠ GIS ᠮᠡᠷᠭᠡᠵᠢᠯ |
摘要 |
RS ᠪᠠ GIS ᠮᠡᠷᠭᠡᠵᠢᠯ ᠳᠦ ᠲᠦᠰᠢᠭᠯᠡᠨ᠂ 2000 ᠣᠨ ᠪᠠ 2007 ᠣᠨ ᠤ TM ᠠᠯᠤᠰ ᠰᠠᠷᠠᠯ ᠤᠨ ᠲᠠᠢ᠌ᠯᠤᠯ ᠵᠢᠷᠤᠭ ᠢᠶᠠᠷ ᠳᠠᠮᠵᠢᠨ᠂ ᠭᠠᠵᠠᠷ ᠰᠢᠨᠵᠢᠯᠡᠭᠡᠨ ᠦ ᠮᠡᠳᠡᠭᠡ ᠵᠠᠩᠭᠢ ᠶᠢᠨ ᠰᠢᠰᠲ᠋ᠧᠮ ᠤᠨ ᠣᠷᠤᠨ ᠵᠠᠢ ᠶᠢᠨ ᠵᠠᠳᠠᠯᠤᠯᠲᠠ ᠪᠠ ᠲᠤᠭᠠᠨ ᠤ ᠤᠬᠠᠭᠠᠨ ᠤ ᠪᠦᠷᠢᠳᠭᠡᠯ ᠦᠨ ᠠᠷᠭ᠎ᠠ ᠶᠢ ᠬᠡᠷᠡᠭᠯᠡᠵᠦ᠂ 2000 ᠣᠨ ᠠᠴᠠ 2007 ᠣᠨ ᠤ ᠬᠤᠭᠤᠷᠤᠨᠳᠤ ᠣᠷᠳᠤᠰ ᠬᠤᠲᠠ ᠶᠢᠨ ᠭᠠᠵᠠᠷ ᠰᠢᠷᠦᠢ ᠶᠢᠨ ᠠᠰᠢᠭᠯᠠᠯᠲᠠ ᠶᠢᠨ ᠬᠦᠳᠡᠯᠦᠩᠭᠦᠢ ᠪᠠᠢ᠌ᠳᠠᠯ ᠢ ᠰᠤᠤᠯᠤᠭᠰᠠᠨ ᠤ ᠳ᠋ᠦᠩ ᠳᠦ ᠂ ᠭᠠᠵᠠᠷ ᠰᠢᠷᠦᠢ ᠶᠢᠨ ᠠᠰᠢᠭᠯᠠᠯᠲᠠ ᠢᠯᠡᠷᠬᠡᠢ ᠬᠤᠢᠷᠠᠯᠲᠠ ᠭᠠᠷᠴᠠᠢ᠃ ᠠᠰᠢᠭᠯᠠᠭᠠᠳᠤᠢ ᠭᠠᠵᠠᠷ ᠤᠨ ᠲᠠᠯᠠᠪᠠᠢ ᠪᠠᠭᠠᠰᠬᠤ ᠠᠴᠠ ᠭᠠᠳᠠᠨ᠎ᠠ ᠪᠤᠰᠤᠳ ᠲᠦᠷᠦᠯ ᠦᠨ ᠭᠠᠵᠠᠷ ᠰᠢᠷᠦᠢ ᠶᠢᠨ ᠲᠠᠯᠠᠪᠠᠢ ᠨᠢ ᠶᠡᠷᠦᠩᠬᠡᠢ ᠳᠦ ᠪᠡᠨ ᠶᠡᠬᠡᠰᠬᠦ ᠬᠠᠨᠳᠤᠰᠢ ᠲᠠᠢ ᠪᠤᠢ᠃ ᠭᠠᠵᠠᠷ ᠰᠢᠷᠦᠢ ᠶᠢᠨ ᠠᠰᠢᠭᠯᠠᠯᠲᠠ ᠶᠢᠨ ᠲᠦᠷᠦᠯ ᠵᠤᠢ᠌ᠯ ᠤᠨ ᠬᠤᠭᠤᠷᠤᠨᠳᠤᠬᠢ ᠭᠤᠤᠯ ᠰᠢᠯᠵᠢᠭᠰᠡᠨ ᠴᠢᠭᠯᠡᠯ ᠭᠡᠪᠡᠯ᠂ ᠤᠰᠤᠨ ᠣᠷᠤᠨ ᠨᠢ ᠲᠠᠷᠢᠶᠠᠨ ᠭᠠᠵᠠᠷ᠂ ᠡᠪᠰᠦᠲᠦ ᠭᠠᠵᠠᠷ ᠪᠠ ᠠᠰᠢᠭᠯᠠᠭᠠᠳᠤᠢ ᠭᠠᠵᠠᠷ ᠪᠤᠯᠤᠨ ᠬᠤᠪᠢᠷᠠᠵᠤ᠂ ᠲᠠᠷᠢᠶᠠᠨ ᠭᠠᠵᠠᠷ ᠨᠢ ᠡᠪᠡᠰᠦᠲᠦ ᠭᠠᠵᠠᠷ ᠪᠠ ᠣᠢ᠌ᠲᠤ ᠭᠠᠵᠠᠷ ᠪᠤᠯᠤᠨ ᠬᠤᠪᠢᠷᠠᠭᠰᠠᠨ ᠢ ᠣᠯᠵᠤ ᠮᠡᠳᠡᠪᠡ᠃ |
原文 |
查看原文
|
出自 |
内蒙古民族大学学报(自然科学)
2011年
第1期
|