题名 |
ᠮᠤᠩᠭ᠋ᠤᠯ ᠠᠨᠠᠭᠠᠬᠤ ᠠᠬᠠᠭᠠᠨ ᠤ ᠭᠠᠳᠠᠷ ᠰᠢᠷᠬᠠᠨ ᠤ ᠵᠠᠰᠠᠯᠭ᠎ᠠ ᠳᠤ ᠴᠠᠭᠠᠨ ᠰᠢᠬᠢᠷ ᠢ ᠬᠡᠷᠡᠭᠯᠡᠭᠰᠡᠨ ᠲᠡᠦᠬᠡᠨ ᠲᠤᠢ᠌ᠮᠤ |
作者 |
ᠳ • ᠬᠦᠭ᠍ᠵᠢᠯᠳᠦ |
关键词 |
ᠴᠠᠭᠠᠨ ᠰᠢᠬᠢᠷ; ᠭᠠᠳᠠᠷ ᠰᠢᠷᠬ᠎ᠠ; ᠤᠤᠭᠤᠯᠭᠠᠬᠤ ᠡᠮ; ᠭᠠᠳᠠᠷ ᠬᠡᠷᠡᠭᠯᠡᠬᠦ ᠡᠮ; ᠲᠡᠦᠬᠡ; ᠮᠤᠩᠭ᠋ᠤᠯ ᠠᠨᠠᠭᠠᠬᠤ ᠤᠬᠠᠭᠠᠨ |
摘要 |
ᠵᠠᠷᠢᠮ ᠬᠦᠮᠦᠰ ᠤᠨ 《 ᠴᠠᠭᠠᠨ ᠰᠢᠬᠢᠷ ᠶᠢᠡᠷ ᠭᠠᠳᠠᠷ ᠰᠢᠷᠬ᠎ᠠ ᠶᠢ ᠵᠠᠰᠠᠬᠤ ᠨᠢ ᠠᠮᠸᠷᠢᠺᠠ ᠶᠢᠨ ᠡᠮᠴᠢ ᠶᠢᠨ ᠡᠭᠦᠳᠦᠭᠰᠡᠨ ᠰᠢᠨ᠎ᠡ ᠵᠠᠰᠠᠯᠭ᠎ᠠ ᠶᠢᠨ ᠠᠷᠭ᠎ᠠ ᠮᠦᠨ》 ᠭᠡᠳᠡᠭ ᠲᠠᠰᠢᠶᠠᠷᠠᠯ ᠢ ᠨᠢ ᠵᠠᠯᠠᠷᠠᠭᠤᠯᠬᠤ ᠶᠢᠨ ᠲᠤᠰᠠ ᠳᠤ᠂ ᠮᠤᠩᠭ᠋ᠤᠯ ᠡᠮᠨᠡᠯᠭᠡ ᠶᠢᠨ ᠰᠤᠩᠭ᠋ᠤᠳᠠᠭ ᠵᠤᠬᠢᠶᠠᠯ ᠪᠤᠯᠬᠤ 《ᠠᠨᠠᠭᠠᠬᠤ ᠤᠬᠠᠭᠠᠨ ᠤ ᠲᠦᠷᠪᠡᠨ ᠦᠨᠳᠦᠰᠦ》᠂ 《ᠲᠦᠷᠪᠡᠨ ᠷᠠᠰᠢᠶᠠᠨ》᠂ 《ᠮᠤᠩᠭ᠋ᠤᠯ ᠡᠮ ᠢ ᠵᠦᠪ ᠲᠠᠨᠢᠬᠤ ᠲᠤᠯᠢ》 ᠵᠡᠷᠭᠡ ᠳᠤ ᠲᠡᠮᠳᠡᠭᠯᠡᠭᠳᠡᠨ ᠪᠦᠬᠦᠢ ᠴᠠᠭᠠᠨ ᠰᠢᠬᠢᠷ ᠭᠦᠯ ᠪᠤᠯᠵᠤ ᠤᠷᠤᠭᠰᠠᠨ ᠭᠠᠳᠠᠷ ᠰᠢᠷᠬ᠎ᠠ ᠶᠢ ᠠᠨᠠᠭᠠᠬᠤ ᠳᠤ ᠬᠡᠷᠡᠭᠯᠡᠭᠳᠡᠭ ᠤᠤᠭᠤᠯᠭᠠᠬᠤ ᠡᠮ ᠤᠨ ᠵᠤᠷ ᠪᠠ ᠭᠠᠳᠠᠷ ᠬᠡᠷᠡᠭᠯᠡᠬᠦ ᠡᠮ ᠤᠨ ᠵᠤᠷ ᠤᠳ ᠢ ᠡᠮᠬᠢᠳᠭᠡᠨ ᠰᠢᠨᠵᠢᠯᠡᠪᠡ᠃ ᠰᠢᠨᠵᠢᠯᠡᠭᠰᠡᠨ ᠦᠷ᠎ᠡ ᠳ᠋ᠦᠩ ᠤᠨ ᠬᠠᠷᠠᠭᠤᠯᠤᠭᠰᠠᠨ ᠶᠢᠡᠷ᠄ ᠴᠠᠭᠠᠨ ᠰᠢᠬᠢᠷ ᠶᠢᠡᠷ ᠭᠠᠳᠠᠷ ᠰᠢᠷᠬ᠎ᠠ ᠶᠢ ᠵᠠᠰᠠᠬᠤ ᠨᠢ ᠶᠠᠭᠠᠬᠢᠭᠰᠠᠨ ᠴᠤ 《ᠠᠮᠸᠷᠢᠺᠠ ᠶᠢᠨ ᠡᠮᠴᠢ ᠶᠢᠨ ᠡᠭᠦᠳᠦᠭᠰᠡᠨ ᠰᠢᠨ᠎ᠡ ᠠᠷᠭ᠎ᠠ》 ᠤᠭᠳᠤ ᠪᠢᠰᠢ᠂ ᠬᠠᠷᠢᠨ ᠮᠠᠨ ᠤ ᠤᠯᠤᠰ ᠤᠨ ᠤᠯᠠᠮᠵᠢᠯᠠᠯᠳᠤ ᠠᠨᠠᠭᠠᠬᠤ ᠤᠬᠠᠭᠠᠨ ᠤ ᠬᠢᠨ ᠬᠠᠮᠤᠭ ᠤᠨ ᠨᠠᠭᠠᠳᠤ ᠵᠠᠬ᠎ᠠ ᠳᠤ ᠪᠠᠨ 1200 ᠢᠯᠡᠭᠦᠦ ᠵᠢᠯ ᠤᠨ ᠡᠮᠦᠨ᠎ᠡ ᠨᠢᠭᠡᠨᠳᠡ ᠬᠡᠷᠡᠭᠯᠡᠵᠦ ᠡᠬᠢᠯᠡᠭᠰᠡᠨ ᠡᠷᠳᠡᠨ ᠤ ᠤᠯᠠᠮᠵᠢᠯᠠᠯᠳᠤ ᠵᠠᠰᠠᠬᠤ ᠠᠷᠭ᠎ᠠ ᠪᠤᠯᠤᠨ᠎ᠠ᠃ ᠴᠠᠭᠠᠨ ᠰᠢᠬᠢᠷ ᠨᠢ ᠠᠯᠢ ᠡᠷᠳᠡᠨ ᠴᠡ ᠵᠦᠪᠬᠡᠨ ᠠᠮᠳᠠ ᠵᠤᠬᠢᠴᠠᠭᠤᠯᠬᠤ ᠬᠤᠯᠢᠰᠢᠨ ᠢᠳᠡᠭᠡᠨ ᠲᠡᠳᠦᠢ ᠯᠡ ᠪᠢᠰᠢ ᠪᠤᠯᠵᠤ᠂ ᠬᠠᠷᠢᠨ ᠪᠠᠰᠠ ᠮᠠᠨ ᠤ ᠤᠯᠤᠰ ᠤᠨ ᠤᠯᠠᠮᠵᠢᠯᠠᠯᠳᠤ ᠠᠨᠠᠭᠠᠬᠤ ᠤᠬᠠᠭᠠᠨ ᠤ ᠬᠢᠨ ᠤ ᠦᠷᠭᠡᠨ ᠶᠢᠡᠷ ᠬᠡᠷᠡᠭᠯᠡᠳᠡᠭ ᠨᠢᠭᠡ ᠵᠦᠢᠯ ᠤᠨ ᠰᠠᠢ᠌ᠨ ᠡᠮ ᠪᠤᠯᠤᠭᠰᠠᠨ ᠶᠤᠮ᠃ |
原文 |
查看原文
|
出自 |
内蒙古民族大学学报(蒙医药学)
2013年
第2期
|