摘要 |
ᠲᠤᠰ ᠦᠭᠦᠯᠡᠯ ᠳᠤ ᠴᠢᠩᠲᠤᠯᠤᠭᠠᠢ ᠶᠢᠨ ᠪᠠᠯᠭᠠᠰᠤᠨ ᠤ ᠲᠣᠬᠠᠢ ᠰᠣᠳᠤᠯᠤᠭᠴᠢᠳ ᠤᠨ ᠰᠠᠨᠠᠯ᠂ ᠰᠣᠷᠪᠤᠯᠵᠢ ᠶᠢᠨ ᠮᠡᠳᠡᠭᠡ᠂ ᠲᠤᠰ ᠬᠤᠲᠠ ᠳ᠋ᠤ ᠬᠢᠭᠰᠡᠨ ᠮᠠᠯᠲᠠᠯᠭ᠋ ᠠ ᠰᠣᠳᠤᠯᠭᠠᠨ ᠤ ᠦᠷ ᠡ ᠳ᠋ᠦᠩ ᠢ ᠬᠠᠷᠢᠴᠠᠭᠤᠯᠤᠨ ᠰᠣᠳᠤᠯᠬᠤ ᠪᠡᠷ ᠲᠠᠮᠵᠢᠭᠤᠯᠵᠤ ᠦᠪᠡᠷ ᠤᠨ ᠰᠠᠨᠠᠯ ᠢᠢᠡᠨ ᠲᠡᠪᠰᠢᠭᠦᠯᠪᠡ᠃ ᠡᠭᠦᠨ ᠳᠤ ᠴᠢᠩᠲᠤᠯᠤᠭᠠᠢ ᠶᠢᠨ ᠪᠠᠯᠭᠠᠰᠤ ᠵᠢ ᠲᠠᠩ ᠭᠠᠭᠴᠠ ᠬᠢᠳᠠᠨ ᠤᠯᠤᠰ ᠤᠨ ᠦᠶ ᠡ ᠳ᠋ᠤ ᠠᠰᠢᠭᠯᠠᠪᠠ ᠤᠤ᠂ ᠡᠰᠡᠪᠡᠯ ᠣᠢᠢᠭᠤᠷ ᠤᠨ ᠬᠠᠭᠤᠴᠢᠨ ᠬᠣᠲᠠ ᠵᠢ ᠬᠢᠲᠠᠨ ᠤᠯᠤᠰ ᠤᠨ ᠦᠶ ᠡ ᠳ᠋ᠤ ᠰᠡᠷᠭᠦᠭᠡᠨ ᠵᠠᠰᠠᠪᠠ ᠤᠤ᠂ ᠲᠡᠷᠡ ᠬᠣᠲᠠ ᠶᠢᠨ ᠡᠭᠦᠷᠭᠡ ᠵᠤᠷᠢᠭᠤᠯᠤᠯᠲᠠ ᠶᠠᠭᠤ ᠪᠠᠢᠢᠪᠠ᠂ ᠬᠤᠲᠠ ᠶᠢᠨ ᠣᠷᠤᠰᠢᠨ ᠰᠠᠭᠤᠭᠴᠢᠳ ᠭᠡᠨ ᠪᠠᠢᠢᠪᠠ᠂ ᠴᠢᠩᠲᠤᠯᠤᠭᠠᠢ ᠶᠢᠨ ᠪᠠᠯᠭᠠᠰᠤ ᠲᠡᠦᠬᠡᠨ ᠰᠣᠷᠪᠤᠯᠵᠢ ᠳ᠋ᠤ ᠣᠯᠠᠨᠲᠠ ᠲᠤᠷᠠᠳᠤᠳᠠᠭ ᠵᠸᠨᠵᠸᠦ ᠪᠣᠶᠣ ᠡᠷᠲᠡᠨ ᠤ ᠬᠠᠲᠤᠨ ᠬᠤᠲᠠ ᠦᠨᠦ ᠶᠢᠨ ᠠᠯᠢ ᠪᠠᠯᠭᠠᠰᠤ ᠪᠣᠢ ᠭᠡᠬᠦ ᠮᠡᠳᠦ ᠶᠢᠨ ᠠᠰᠠᠭᠤᠳᠠᠯ ᠳᠤ ᠬᠠᠷᠢᠭᠤ ᠦᠭ᠍ᠬᠦ ᠵᠢ ᠣᠷᠤᠯᠳᠤᠵᠠᠢ᠃ |