摘要 |
ᠨᠢᠭᠡ ᠦᠨᠳᠦᠰᠦᠲᠡᠨ ᠤ ᠵᠠᠩ ᠦᠢᠯᠡ ᠨᠢ ᠲᠤᠰ ᠦᠨᠳᠦᠰᠦᠲᠡᠨ ᠤ ᠪᠠᠨ ᠰᠣᠶᠣᠯ᠂ ᠪᠣᠯᠪᠠᠰᠤᠷᠠᠯ ᠢ ᠢᠯᠡᠷᠡᠬᠦᠯᠬᠦ ᠭᠡᠭᠡᠪᠴᠢ ᠪᠣᠯᠵᠤ᠂ ᠦᠨᠳᠦᠰᠦᠲᠡᠨ ᠤ ᠲᠡᠦᠭᠡ ᠵᠢ ᠰᠡᠷᠭᠦᠭᠡᠨ ᠤᠢᠯᠠᠭᠠᠬᠤ ᠳ᠋ᠤ ᠰᠢᠭᠤᠳ ᠮᠠᠲ᠋ᠧᠷᠢᠶᠠᠯ ᠰᠦᠪᠡᠭᠴᠢ ᠬᠠᠩᠭᠠᠵᠤ ᠦᠭᠳᠡᠭ ᠤᠴᠢᠷᠲᠠᠢ᠃ ᠡᠢᠮᠦ ᠪᠣᠯᠬᠤᠷ ᠮᠠᠨ ᠤ ᠮᠣᠩᠭᠤᠯ ᠦᠨᠳᠦᠰᠦᠲᠡᠨ ᠤ ᠵᠠᠩ ᠦᠢᠯᠡ ᠨᠢ ᠨᠡᠢᠭᠡᠮ ᠤᠨ ᠤᠯᠠᠨ ᠲᠠᠯ ᠠ ᠳ᠋ᠤ(ᠬᠠᠳᠠᠨ ᠵᠢᠷᠤᠭ᠂ ᠠᠮᠠᠨ ᠵᠣᠬᠢᠶᠠᠯ ᠮᠡᠳᠦ ᠲᠤᠰᠬᠠᠯ ᠢᠢᠡᠨ ᠤᠯᠵᠤ ᠪᠠᠢᠳᠠᠭ᠃ ᠤᠷᠲᠤ ᠤᠳᠠᠭᠠᠨ ᠵᠢᠯ ᠤᠨ ᠲᠤᠷᠰᠢ ᠵᠠᠩ ᠦᠢᠯᠡ ᠶᠢᠨ ᠡᠭᠦᠰᠦᠯ ᠪᠦᠷᠢᠯᠳᠦᠯ ᠬᠦᠭᠵᠢᠯ ᠤᠯᠠᠮᠵᠢᠯᠠᠯ ᠤᠨ ᠲᠡᠦᠬᠡ᠂ ᠠᠵᠤ ᠠᠮᠢᠳᠤᠷᠠᠯ᠂ ᠤᠷ ᠠ ᠤᠬᠠᠭ᠎ᠠ᠂ᠡᠳ᠋ ᠤᠨ ᠪᠣᠯᠪᠠᠰᠤᠨ ᠨᠢ ᠡᠢᠨᠬᠦ ᠠᠬᠤᠢ ᠦᠨᠡᠨ ᠢᠢᠡᠷ ᠢᠢᠡᠨ ᠲᠤᠰᠬᠠᠭᠳᠠᠵᠤ ᠪᠠᠢᠳᠠᠭ ᠨᠢ ᠰᠦᠨᠢᠳ ᠤᠨ ᠡᠷᠲᠡᠨ ᠤ ᠬᠠᠳᠠᠨᠵᠢᠷᠤᠭ ᠲᠤ ᠢᠯᠡ ᠲᠤᠳᠤᠷᠬᠠᠢ ᠠᠵᠢᠭᠯᠠᠭᠳᠠᠨ᠎ᠠ᠃ ᠤᠯᠠᠨ ᠤ ᠮᠡᠳᠡᠭᠡᠵᠢ ᠪᠡᠷ ᠵᠠᠨ ᠦᠢᠯᠡ ᠶᠢᠨ ᠡᠭᠦᠰᠦᠯ ᠪᠦᠷᠢᠯᠳᠦᠯ᠂ ᠬᠦᠭᠵᠢᠯ ᠬᠤᠪᠢᠷᠠᠯ᠂ ᠤᠯᠠᠮᠵᠯᠠᠯ ᠲᠤᠭᠲᠠᠯᠴᠠᠭ᠎ᠠ ᠨᠢ ᠨᠡᠢᠳᠡᠴᠢ ᠴᠢᠨᠠᠷᠲᠠᠢ ᠤᠯᠠᠮᠵᠢᠯᠠᠯᠲᠤ ᠴᠢᠨᠠᠷᠲᠠᠢ ᠨᠡᠢᠭᠡᠮᠴᠢ ᠴᠢᠨᠠᠷᠲᠠᠢ ᠡᠳ᠋ ᠤᠨ ᠰᠣᠶᠣᠯ ᠤᠨ ᠬᠠᠮᠲᠤ ᠶᠢᠨ ᠪᠦᠲᠦᠭᠡᠭᠳᠡᠬᠦᠨ ᠮᠦᠨ᠃ |