题名 |
《ᠮᠣᠩᠭᠤᠯ ᠪᠢᠴᠢᠭ ᠤᠨ ᠲᠦᠷᠰᠦ ᠶᠢᠨ ᠺᠤᠳ᠋》ᠭᠡᠭᠴᠢ ᠶᠢᠨ ᠲᠣᠬᠠᠢ ---ᠯᠢᠶᠠᠩ ᠡᠾᠡᠢ ᠠᠪᠤᠭᠠᠢ ᠶᠢᠨ ᠲᠦᠷᠰᠦ ᠶᠢᠨ ᠺᠤᠸᠳ᠋ ᠢ ᠰᠢᠬᠦᠮᠵᠢᠯᠡᠬᠦ ᠨᠢ |
作者 |
ᠴᠤᠢᠵᠢᠩᠵᠠᠪ; ᠵᠢᠷᠠᠨᠭᠤᠷᠪᠠ; ᠪᠠᠶᠠᠷᠮᠡᠨᠳᠦ; ᠨᠠᠰᠤᠨᠨ᠋ᠤᠷᠲᠤ; ᠬᠦᠰᠡᠯ; ᠴᠡᠩᠭᠡᠯᠲᠦ |
关键词 |
ᠮᠣᠩᠭᠤᠯ ᠪᠢᠴᠢᠭ ᠤᠨ ᠺᠤᠸᠳ᠋;ᠲᠠᠭᠤᠳᠠᠯᠭ᠎ᠠ ᠶᠢᠨ ᠺᠤᠳ᠋; ᠲᠦᠷᠰᠦ ᠶᠢᠨ ᠺᠤᠸᠳ᠋ |
摘要 |
ᠵᠠᠷᠢᠮ ᠬᠦᠮᠦᠰ ᠮᠠᠨ ᠤ ᠭᠤᠴᠢ ᠭᠠᠷᠤᠢ ᠵᠢᠯ ᠭᠡᠷᠡᠭᠯᠡᠭᠡᠳ ᠢᠷᠡᠭᠰᠡᠨ ᠲᠠᠭᠤᠳᠠᠯᠭ᠎ᠠ ᠪᠡᠷ ᠺᠤᠳ᠋ᠯᠠᠭᠰᠠᠨ ᠮᠣᠩᠭᠤᠯ ᠪᠢᠴᠢᠭ ᠤᠨ ᠺᠤᠳ᠋ ᠢ ᠦᠭᠡᠢᠢᠰᠭᠡᠵᠦ᠂ ᠦᠰᠦᠭ ᠤᠨ ᠲᠦᠷᠰᠦ ᠪᠡᠷ ᠺᠤᠸᠳ᠋ᠯᠠᠭᠰᠠᠨ ᠣᠭᠲᠤ ᠦᠭᠡᠷ ᠠ ᠺᠤᠳ᠋ ᠬᠡᠷᠡᠭᠯᠡᠬᠦ ᠰᠠᠨᠠᠯ ᠲᠤᠷᠠᠳᠴᠤ ᠰᠢᠷᠦᠬᠦᠨ ᠲᠡᠮᠡᠴᠡᠯ ᠡᠭᠦᠰᠭᠡᠵᠡᠢ᠃ ᠲᠤᠰ ᠦᠭᠦᠯᠡᠯ ᠲᠡᠷᠡ ᠪᠤᠷᠤᠭᠤ ᠰᠠᠨᠠᠯ ᠢ ᠰᠢᠬᠦᠮᠵᠢᠯᠡᠭᠦ ᠳ᠋ᠤ ᠪᠠᠨ《ᠨᠢᠭᠡ ᠳ᠋ᠤ᠂ ᠮᠣᠩᠭᠤᠯ ᠪᠢᠴᠢᠭ ᠡᠪᠤᠯ ᠴᠡᠪᠡᠷ ᠠᠪᠢᠶᠠᠨ ᠤ ᠦᠰᠦᠭ ᠮᠦᠨ᠂ ᠡᠨᠡ ᠮᠦᠨ ᠴᠢᠨᠠᠷ ᠢ ᠦᠭᠡᠷᠡᠴᠢᠯᠠᠵᠦ ᠪᠤᠯᠬᠤ ᠦᠭᠡᠢ᠃ ᠬᠤᠶᠠᠷ ᠲᠤ᠂ ᠮᠣᠩᠭᠤᠯ ᠪᠢᠴᠢᠭ ᠲᠦ7-8 ᠵᠠᠭᠨᠤ ᠵᠢᠯ ᠬᠡᠷᠡᠭᠯᠡᠭᠡᠳ ᠢᠷᠡᠭᠰᠡᠨ ᠂ ᠣᠳᠤ ᠴᠤ ᠬᠡᠷᠡᠭᠯᠡᠭᠰᠡᠭᠡᠷ ᠪᠠᠢᠭ᠎ᠠ ᠪᠦᠷᠢᠨ᠂ ᠨᠠᠷᠢᠨ᠂ ᠮᠡᠷᠭᠡᠨ ᠵᠦᠪ ᠪᠢᠴᠢᠬᠦ ᠶᠣᠰᠤ ᠲᠠᠢ᠃ ᠺᠤᠳ᠋ ᠲᠡᠭᠦᠨ ᠢ ᠲᠠᠭᠠᠬᠤ ᠬᠡᠷᠡᠭᠲᠡᠢ ᠡᠴᠡ ᠪᠢᠰᠢ᠂ ᠲᠡᠭᠦᠨ ᠡ ᠡᠪᠳᠡᠵᠦ ᠤᠭᠲᠤ ᠪᠤᠯᠬᠤ ᠦᠭᠡᠢ᠃ ᠭᠤᠷᠪᠠ ᠳ᠋ᠤ᠂1980 ᠣᠨ ᠡᠴᠡ ᠨᠠᠭᠠᠰᠢ ᠬᠡᠷᠡᠭᠯᠡᠭᠰᠡᠭᠡᠷ ᠢᠷᠡᠭᠰᠡᠨ ᠮᠣᠩᠭᠤᠯ ᠪᠢᠴᠢᠭ ᠤᠨ ᠺᠤᠳ᠋ ᠪᠤᠯ ᠮᠣᠩᠭᠤᠯ ᠲᠦᠮᠡᠨ ᠤ ᠬᠦᠢᠯᠶᠡᠵᠦ ᠠᠪᠤᠭᠠᠳ ᠬᠡᠷᠡᠭᠯᠡᠭᠰᠡᠭᠡᠷ ᠪᠠᠢᠭ᠎ᠠ ᠪᠦᠭᠡᠳ ᠤᠯᠠᠨ ᠲᠠᠯ ᠠ ᠶᠢᠨ ᠠᠷᠪᠢᠨ ᠦᠷ ᠠ ᠪᠦᠲᠦᠭᠡᠯ ᠭᠠᠷᠭᠠᠵᠤᠮ ᠮᠠᠰᠢ ᠤᠯᠠᠨ ᠮᠠᠲ᠋ᠸᠷᠢᠶᠠᠯ ᠬᠠᠳᠠᠭᠠᠯᠠᠭᠰᠠᠨ ᠺᠤᠳ᠋ ᠪᠤᠯᠤᠨ᠎ᠠ᠃ ᠶᠠᠠᠮᠷ ᠦᠭᠡᠷᠡᠴᠢᠯᠠᠯᠲᠠ ᠬᠢᠭᠰᠡᠨ ᠴᠦ ᠡᠨᠡ ᠰᠠᠭᠤᠷᠢ ᠪᠠᠨ ᠤᠷᠬᠢᠨ ᠦᠭᠡᠢᠢᠰᠭᠡᠵᠦ᠂ ᠮᠠᠷᠲᠠᠵᠤ ᠪᠤᠯᠬᠤ ᠦᠭᠡᠢ》 ᠭᠡᠵᠡᠢ᠃ |
原文 |
查看原文
|
出自 |
内蒙古大学学报
2018年
第3期
|