论文信息


题名 ᠠᠨᠳᠠᠢ ᠳᠠᠭᠤᠯᠠᠬᠤ ᠶᠤᠰᠤᠯᠠᠯ ᠤᠨ ᠰᠤᠶᠤᠯ ᠤᠨ ᠲᠤᠭᠯᠠᠯᠲᠠ ᠶᠢᠨ ᠲᠤᠬᠠᠢ ᠦᠭᠦᠯᠡᠬᠦ ᠨᠢ
作者 ᠰᠠᠷᠠᠭᠤᠯ
关键词 ᠠᠨᠳᠠᠢ; ᠶᠤᠰᠤᠯᠠᠯ; ᠰᠤᠶᠤᠯ ᠤᠨ ᠲᠤᠭᠯᠠᠯᠲᠠ
摘要 ᠠᠨᠳᠠᠢ ᠳᠠᠭᠤᠯᠠᠬᠤ ᠶᠤᠰᠤᠯᠠᠯ ᠤᠨ ᠰᠤᠶᠤᠯ ᠤᠨ ᠲᠤᠭᠯᠠᠯᠲᠠ ᠳᠤ ᠠᠨᠳᠠᠢ ᠶᠢᠨ ᠲᠠᠯᠠᠪᠠᠢ ᠶᠢᠨ ᠳᠤᠭᠤᠢ ᠬᠡᠯᠪᠡᠷᠢ ᠪᠤᠯ ᠡᠭᠡᠯ ᠶᠢᠷᠲᠢᠨᠴᠦ ᠡᠴᠡ ᠠᠷᠢᠭᠤᠨ ᠳᠠᠷᠬᠠᠨ ᠶᠢᠷᠲᠢᠨᠴᠦ ᠶᠢᠨ ᠰᠤᠯᠢᠯᠲᠠ᠂ ᠠᠨᠳᠠᠢ ᠶᠢᠨ ᠲᠠᠯᠠᠪᠠᠢ ᠳᠤ ᠬᠢ ᠪᠠᠢᠷᠢᠰᠢᠭᠤᠯᠤᠯᠲᠠ᠂ ᠬᠡᠷᠡᠭᠯᠡᠭᠡᠨ ᠦ ᠵᠦᠢᠯᠡᠰ ᠲᠤ ᠪᠡᠯᠭᠡᠳᠡᠯ ᠢ ᠠᠭᠤᠯᠤᠭᠰᠠᠨ ᠪᠦᠭᠡᠳ ᠠᠨᠳᠠᠢ ᠳᠠᠭᠤᠯᠠᠬᠤ ᠶᠤᠰᠤᠯᠠᠯ ᠤᠨ ᠪᠦᠬᠦᠢᠯᠡ ᠦᠢᠯᠡ ᠶᠠᠪᠤᠴᠠ ᠨᠢ ᠡᠪᠡᠳᠴᠢᠨ ᠵᠠᠰᠠᠯᠭ᠎ᠠ ᠶᠢᠨ ᠦᠢᠯᠡ ᠠᠵᠢᠯᠯᠠᠭ᠎ᠠ ᠪᠤᠯᠤᠨ ᠨᠠᠭᠠᠳᠤᠮ ᠲᠤᠭᠯᠠᠭᠠᠮ ᠤᠨ ᠨᠠᠪᠴᠢᠯᠲᠠ ᠶᠢᠨ ᠵᠠᠭᠪᠤᠷᠴᠢᠯᠠᠭᠰᠠᠨ ᠣᠨᠴᠠᠯᠢᠭ ᠲᠠᠢ᠃ ᠠᠨᠳᠠᠢ ᠳᠠᠭᠤᠯᠠᠬᠤ ᠰᠤᠶᠤᠯ ᠤᠨ ᠲᠤᠭᠯᠠᠯᠲᠠ ᠶᠢᠨ ᠵᠠᠭᠪᠤᠷ ᠢ ᠡᠭᠡᠯ ᠡᠴᠡ ᠠᠷᠢᠭᠤᠨ ᠳᠠᠷᠬᠠᠨ ᠤ ᠬᠤᠪᠢᠰᠤᠯᠲᠠ᠂ ᠡᠩ ᠶᠡᠷᠦᠮᠳᠡᠭ ᠡᠴᠡ ᠨᠢᠭᠤᠴᠠ ᠳᠠᠯᠳᠠ ᠶᠢᠨ ᠪᠡᠯᠭᠡᠳᠡᠯᠲᠡ᠂ ᠵᠠᠩ ᠦᠢᠯᠡ ᠪᠤᠯᠤᠨ ᠨᠠᠭᠠᠳᠤᠮ ᠲᠤᠭᠯᠠᠭᠠᠮ ᠤᠨ ᠠᠭᠤᠰᠤᠯᠲᠠ ᠶᠢᠨ ᠵᠠᠭᠪᠤᠷ ᠭᠡᠵᠦ ᠬᠤᠷᠢᠶᠠᠩᠭᠤᠢᠯᠠᠵᠤ ᠪᠤᠯᠬᠤ ᠶᠤᠮ᠃ ᠠᠨᠳᠠᠢ ᠳᠠᠭᠤᠯᠠᠬᠤ ᠶᠤᠰᠤᠯᠠᠯ ᠨᠢ ᠰᠤᠶᠤᠯ ᠤᠨ ᠲᠤᠭᠯᠠᠯᠲᠠ ᠶᠢᠨ ᠴᠠᠭ ᠤᠨ ᠵᠠᠢ᠂ ᠬᠦᠳᠡᠯᠭᠡᠭᠡᠨ ᠦ ᠠᠯᠬᠤᠮ ᠳᠠᠷᠠᠭ᠎ᠠ᠂ ᠲᠤᠭᠯᠠᠭᠴᠢ ᠵᠡᠷᠭᠡ ᠡᠯᠧᠮᠧᠨ᠋ᠲ ᠤᠨ ᠣᠨᠴᠠᠯᠢᠭ ᠢ ᠠᠭᠤᠯᠵᠤ᠂ ᠪᠦᠬᠡ ᠮᠦᠷᠭᠦᠯ ᠦᠨ ᠰᠤᠶᠤᠯ ᠤᠨ ᠤᠤᠷ ᠬᠡᠪ ᠢ ᠬᠠᠳᠠᠭᠠᠯᠠᠵᠤ᠂ ᠰᠢᠷ᠎ᠠ ᠶᠢᠨ ᠱᠠᠰᠢᠨ ᠤ ᠰᠤᠶᠤᠯ ᠤᠨ ᠣᠨᠴᠠᠯᠢᠭ ᠢ ᠡᠳᠦᠢ ᠲᠡᠳᠦᠢ ᠰᠢᠩᠭᠡᠭᠡᠭᠰᠡᠨ᠂ ᠠᠷᠠᠳ ᠤᠨ ᠰᠤᠶᠤᠯ ᠤᠨ ᠣᠨᠴᠠᠯᠢᠭ ᠢᠶᠠᠷ ᠭᠤᠤᠯᠯᠠᠭᠰᠠᠨ ᠰᠤᠶᠤᠯ ᠤᠨ ᠲᠤᠭᠯᠠᠯᠲᠠ ᠪᠤᠯᠤᠨ᠎ᠠ᠃
原文 没有原文
出自 内蒙古大学学报 2014年 第6期

联系我们


内蒙古大学图书馆
呼和浩特市大学西路235号
中国·内蒙古
P: (0471) 4992561
E: huangfeilong@imu.edu.cn