摘要 |
ᠮᠤᠩᠭ᠋ᠤᠯ ᠬᠡ ᠨᠢ ᠭᠤᠤᠯᠳᠠᠭᠤ ᠱᠠᠰᠢᠨ ᠰᠢᠳᠦᠯᠭᠡ᠂ ᠬᠤᠪᠴᠠᠰᠤ ᠵᠠᠰᠠᠯ᠂ ᠡᠳ᠋ᠯᠡᠯ ᠬᠡᠷᠡᠭᠰᠡᠯ ᠲᠡᠭᠡᠷ᠎ᠡ ᠠᠩᠬᠠᠨ ᠤ ᠤᠷᠠᠯᠢᠭ ᠰᠢᠨᠵᠢ ᠪᠠᠨ ᠤᠯᠵᠤ ᠲᠦᠯᠦᠪᠰᠢᠭᠡᠳ ᠬᠤᠵᠢᠮ ᠨᠢ ᠠᠮᠢᠳᠤᠷᠠᠯ ᠳᠤ ᠦᠷᠭᠡᠨ ᠶᠢᠡᠷ ᠬᠡᠷᠡᠭᠯᠡᠭᠳᠡᠬᠦ ᠪᠤᠯᠤᠭᠰᠠᠨ ᠪᠠᠢ᠌ᠨ᠎ᠠ᠃ ᠡᠭᠦᠨ ᠳᠤ ᠪᠦᠭᠡ ᠶᠢᠨ ᠱᠠᠰᠢᠨ ᠤ ᠰᠢᠨᠵᠢ ᠢᠯᠡᠭᠦᠦ ᠪᠠᠢ᠌ᠭᠰᠠᠨ ᠮᠠᠶᠢᠭ ᠲᠠᠢ᠃ ᠭᠡᠬᠦ ᠳ᠋ᠡᠭᠡᠨ ᠡᠮᠡᠭᠳᠡᠢ᠌ᠴᠦᠳ ᠤᠨ ᠦᠢᠯᠡ ᠤᠶᠤᠳᠠᠯ ᠳᠤ ᠴᠢᠬᠤᠯᠠ ᠢᠯᠡᠷᠡᠯ ᠶᠢᠡᠨ ᠤᠯᠵᠤ ᠪᠠᠢ᠌ᠭᠰᠠᠨ ᠢ ᠮᠤᠩᠭ᠋ᠤᠯ ᠢᠳᠡᠭᠡᠨ ᠤ ᠰᠤᠶᠤᠯ ᠤᠨ ᠶᠡᠬᠡ ᠡᠷᠳᠡᠨ ᠡᠴᠡ ᠤᠯᠠᠮᠵᠢᠯᠠᠵᠤ ᠢᠷᠡᠭᠰᠡᠨ ᠲᠤᠮ ᠰᠢᠪᠰᠢᠯᠭᠡ ᠶᠢᠨ ᠵᠠᠩ ᠦᠢᠯᠡ ᠪᠤᠯᠬᠤ ᠮᠠᠯ ᠤᠨ ᠲᠠᠩᠨᠠᠢ ᠶᠢ ᠵᠢᠭᠠᠯ ᠦᠬᠢᠨ ᠳᠤ ᠢᠳᠡᠭᠦᠯᠬᠦ ᠳ᠋ᠡᠭᠡᠨ ᠡᠷᠬᠡᠪᠰᠢ ᠲᠠᠩᠨᠠᠢ ᠪᠡᠷ ᠭᠠᠷ ᠤᠨ ᠠᠯᠠᠭ᠎ᠠ ᠶᠢ ᠬᠦᠩᠭᠡᠭᠡᠨ ᠴᠤᠬᠢᠵᠤ《ᠤᠷᠠᠨ ᠪᠤᠯ᠂ ᠤᠭᠠᠯᠵᠠ ᠤᠶᠤ》ᠭᠡᠵᠦ ᠰᠢᠪᠰᠢᠳᠡᠭ ᠵᠠᠩ ᠦᠢᠯᠡ ᠡᠴᠡ ᠦᠵᠡᠵᠦ ᠭᠠᠷᠴᠤ ᠪᠤᠯᠬᠤ ᠶᠤᠮ᠃ |