题名 |
ᠲᠤᠮᠤ ᠬᠤᠯᠤᠭᠠᠨ᠎ᠠ ᠶᠢᠨ ᠬᠤᠳᠤᠭᠤᠳᠤᠨ ᠤ ᠮᠤᠬᠤᠷ ᠢ ᠪᠤᠭᠤᠭᠰᠠᠨ ᠠᠴᠠ ᠪᠤᠯᠤᠭᠰᠠᠨ ᠡᠯᠢᠭᠡᠨ ᠭᠡᠮᠲᠦᠯ ᠳᠦ ᠦᠵᠡᠭᠦᠯᠬᠦ ᠳ᠋ᠢᠭᠳᠡ -4 ᠶᠢᠨ ᠲᠠᠩ ᠤᠨ ᠦᠢᠯᠡᠳᠦᠯ ᠦᠨ ᠲᠤᠬᠠᠢ ᠰᠤᠳᠤᠯᠭ᠎ᠠ |
作者 |
ᠸᠠᠩ ᠬᠤᠸᠠᠨ; ᠪᠠᠭᠠᠨ᠎ᠠ |
关键词 |
ᠡᠯᠢᠭᠡᠨ ᠭᠡᠮᠲᠦᠯᠲᠦ ᠬᠡᠪ ᠦᠯᠢᠭᠡᠷ; ᠮᠣᠩᠭᠤᠯ ᠠᠨᠠᠭᠠᠬᠤ ᠤᠬᠠᠭᠠᠨ; ᠳ᠋ᠢᠭᠳᠡ -4 ᠶᠢᠨ ᠳᠠᠩ; ᠴᠢᠰᠦᠨ ᠴᠠᠢᠪᠠᠩ ᠳᠠᠬᠢ ᠨᠤᠷᠮ᠎ᠠ ᠲᠡᠮᠳᠡᠭ; ᠡᠯᠢᠭᠡᠨ ᠨᠡᠭᠡᠳᠡᠰᠦᠨ ᠦ ᠬᠤᠪᠢᠷᠠᠯᠲᠠ; ᠠᠮᠢᠲᠠᠨ ᠤ ᠲᠤᠷᠰᠢᠯᠲᠠ |
摘要 |
ᠮᠣᠩᠭᠤᠯ ᠡᠮ ᠨᠠᠢᠷᠠᠯᠭ᠎ᠠ ᠳ᠋ᠢᠭᠳᠡ -4 ᠶᠢᠨ ᠳᠠᠩ ᠤᠨ ᠡᠯᠢᠭᠡᠨ ᠭᠡᠮᠲᠦᠯ ᠳᠦ ᠦᠵᠡᠭᠦᠯᠬᠦ ᠨᠦᠯᠦᠭᠡ ᠶᠢ ᠰᠤᠳᠤᠯᠤᠨ᠎ᠠ᠃ ᠠᠷᠭ᠎ᠠ᠄ ᠲᠤᠮᠤ ᠬᠤᠯᠤᠭᠠᠨ᠎ᠠ ᠶᠢᠨ ᠪᠡᠶ᠎ᠡ ᠳᠦ ᠮᠣᠩᠭᠤᠯ ᠠᠨᠠᠭᠠᠬᠤ ᠤᠬᠠᠭᠠᠨ ᠤ ᠦᠨᠳᠦᠰᠦᠨ ᠣᠨᠣᠯ ᠢᠶᠠᠷ ᠰᠠᠭᠤᠷᠢᠯᠠᠭᠰᠠᠨ ᠡᠯᠢᠭᠡᠨ ᠭᠡᠮᠲᠦᠯᠲᠦ ᠬᠡᠪ ᠦᠯᠢᠭᠡᠷ ᠢ ᠪᠤᠢ ᠪᠤᠯᠭᠠᠪᠠ᠃ ᠲᠤᠮᠤ ᠬᠤᠯᠤᠭᠠᠨ᠎ᠠ ᠶᠢᠨ ᠪᠡᠶ᠎ᠡ ᠶᠢᠨ ᠬᠦᠨᠳᠦ ᠶᠢ ᠨᠢ ᠦᠨᠳᠦᠰᠦᠯᠡᠵᠦ ᠲᠠᠰᠢ8ᠷᠠᠮ ᠰᠠᠴᠠᠭᠤ ᠪᠠᠷ 5 ᠳᠤᠭᠤᠢᠯᠠᠩ ᠬᠤᠪᠢᠶᠠᠵᠠᠢ᠃ ᠳᠠᠷᠤᠢ ᠡᠷᠡᠭᠦᠯ ᠬᠠᠷᠢᠴᠠᠭᠤᠯᠬᠤ ᠳᠤᠭᠤᠢᠯᠠᠩ᠂ ᠬᠡᠪ ᠦᠯᠢᠭᠡᠷ ᠦᠨ ᠳᠤᠭᠤᠢᠯᠠᠩ᠂ ᠳ᠋ᠢᠭᠳᠡ -4 ᠶᠢᠨ ᠳᠠᠩ ᠤᠨ ᠪᠠᠭ᠎ᠠ᠂ ᠳᠤᠮᠳᠠ᠂ ᠶᠡᠬᠡ ᠬᠡᠮᠵᠢᠶᠡᠨ ᠦ ᠡᠮ ᠦᠭᠬᠦ ᠳᠤᠭᠤᠢᠯᠠᠩ ᠪᠤᠯᠤᠨ᠎ᠠ᠃ ᠡᠷᠡᠭᠦᠯ ᠳᠤᠭᠤᠢᠯᠠᠩ ᠪᠤᠯᠤᠨ ᠬᠡᠪ ᠦᠯᠢᠭᠡᠷ ᠦᠨ ᠳᠤᠭᠤᠢᠯᠠᠩ ᠳᠤ ᠠᠳᠠᠯᠢ ᠬᠡᠮᠵᠢᠶᠡᠨ ᠦ ᠡᠩ ᠦᠨ ᠤᠰᠤ ᠶᠢ ᠦᠭᠴᠦ᠂ ᠡᠮ ᠦᠭᠬᠦ ᠳᠤᠭᠤᠢᠯᠠᠩ ᠳᠤ ᠬᠠᠷᠠᠭᠠᠯᠵᠠᠭᠰᠠᠨ ᠬᠡᠮᠵᠢᠶᠡᠨ ᠦ ᠳ᠋ᠢᠭᠳᠡ -4 ᠶᠢᠨ ᠳᠠᠩ ᠢ ᠡᠳᠦᠷ ᠲᠦ 1 ᠤᠳᠠᠭ᠎ᠠ᠂ ᠨᠡᠢᠲᠡ 15 ᠡᠳᠦᠷ ᠦᠭᠭᠦᠪᠡ᠃ ᠬᠠᠮᠤᠭ ᠰᠡᠭᠦᠯᠴᠢ ᠶᠢᠨ ᠤᠳᠠᠭ᠎ᠠ ᠡᠮ ᠦᠭᠭᠦᠭᠰᠡᠨ ᠦ ᠰᠡᠭᠦᠯᠡᠷ ᠡᠯᠢᠭᠡᠨ ᠡᠪᠡᠳᠴᠢᠨ ᠦ ᠬᠡᠪ ᠦᠯᠢᠭᠡᠷ ᠢ ᠵᠤᠬᠢᠶᠠᠭᠠᠳ᠂ ᠴᠢᠰᠦᠨ ᠴᠠᠢᠪᠠᠩ ᠳᠠᠬᠢ ᠬᠠᠷᠠᠭᠠᠯᠵᠠᠭᠰᠠᠨ ᠨᠤᠷᠮ᠎ᠠ ᠲᠡᠮᠳᠡᠭ ᠪᠤᠯᠤᠨ ᠡᠯᠢᠭᠡᠨ ᠨᠡᠭᠡᠳᠡᠰᠦᠨ ᠦ ᠡᠪᠡᠳᠴᠢᠨ ᠦ ᠵᠦᠢ ᠶᠢᠨ ᠬᠤᠪᠢᠷᠠᠯᠲᠠ ᠶᠢ ᠪᠠᠢᠴᠠᠭᠠᠵᠠᠢ᠃ ᠦᠷ᠎ᠡ ᠳ᠋ᠦᠩ᠄ ᠡᠷᠡᠭᠦᠯ ᠬᠠᠷᠢᠴᠠᠭᠤᠯᠬᠤ ᠳᠤᠭᠤᠢᠯᠠᠩ ᠪᠤᠯᠤᠨ ᠬᠡᠪ ᠦᠯᠢᠭᠡᠷ ᠦᠨ ᠳᠤᠭᠤᠢᠯᠠᠩ ᠢ ᠬᠠᠷᠢᠴᠠᠭᠤᠯᠪᠠ᠂ ᠬᠡᠪ ᠦᠯᠢᠭᠡᠷ ᠦᠨ ᠳᠤᠭᠤᠢᠯᠠᠩ ᠤᠨ ᠴᠢᠰᠦᠨ ᠴᠠᠢᠪᠠᠩ ᠳᠠᠬᠢ AST᠂ ALT ᠬᠡᠮᠵᠢᠶ᠎ᠡ ᠨᠢ ᠢᠯᠡᠳᠲᠡ ᠳᠡᠭᠡᠭᠰᠢᠯᠡᠵᠦ (ᠪᠦᠷ P<0.01)᠂ GSH-PX ᠨᠢ ᠢᠯᠡᠳᠲᠡ ᠲᠤᠭᠤᠭᠰᠢᠯᠠᠵᠠᠢ᠃ ᠡᠯᠢᠭᠡᠨ ᠨᠡᠭᠡᠳᠡᠰᠦ ᠶᠢᠨ ᠡᠰ ᠲᠦ ᠤᠰᠤᠨ ᠬᠠᠪᠤᠩ ᠡᠭᠦᠰᠴᠦ ᠦᠬᠦᠵᠢᠬᠦ ᠬᠤᠪᠢᠷᠠᠯᠲᠠ ᠭᠠᠷᠤᠭᠰᠠᠨ ᠪᠠᠢᠨ᠎ᠠ᠃ ᠡᠯ᠎ᠡ ᠡᠮ ᠦᠭᠬᠦ ᠳᠤᠭᠤᠢᠯᠠᠩ ᠪᠤᠯᠤᠨ ᠬᠡᠪ ᠦᠯᠢᠭᠡᠷ ᠦᠨ ᠳᠤᠭᠤᠢᠯᠠᠩ ᠢ ᠬᠠᠷᠢᠴᠠᠭᠤᠯᠪᠠᠯ᠂ ᠳ᠋ᠢᠭᠳᠡ -4 ᠶᠢᠨ ᠳᠠᠩ ᠤᠨ ᠳᠤᠮᠳᠠ᠂ ᠶᠡᠬᠡ ᠬᠡᠮᠵᠢᠶᠡᠨ ᠦ ᠳᠤᠭᠤᠢᠯᠠᠩ ᠨᠢ AST᠂ ALT ᠶᠢᠨ ᠬᠡᠮᠵᠢᠶ᠎ᠡ ᠶᠢ ᠢᠯᠡᠳᠲᠡ ᠳᠤᠭᠤᠭᠰᠢᠯᠠᠭᠤᠯᠵᠤ᠂ GSH-PX ᠶᠢᠨ ᠬᠡᠮᠵᠢᠶ ᠡ ᠶᠢ ᠢᠯᠡᠳᠲᠡ ᠳᠡᠭᠡᠭᠰᠢᠯᠡᠭᠦᠯᠦᠭᠰᠡᠨ (P<0.01) ᠪᠡ ᠡᠯᠢᠭᠡᠨ ᠨᠡᠭᠡᠳᠡᠰᠦ ᠶᠢᠨ ᠬᠤᠪᠢᠷᠠᠯᠲᠠ ᠶᠢ ᠵᠤᠬᠢᠬᠤ ᠬᠡᠮᠵᠢᠶ᠎ᠡ ᠪᠡᠷ ᠡᠷᠡᠭᠦᠯᠵᠢᠭᠦᠯᠦᠭᠰᠡᠨ ᠪᠠᠢᠨ᠎ᠠ᠃ ᠳ᠋ᠦᠩᠨᠡᠯᠲᠡ᠄ ᠳ᠋ᠢᠭᠳᠡ -4 ᠶᠢᠨ ᠳᠠᠩ ᠨᠢ ᠮᠣᠩᠭᠤᠯ ᠠᠨᠠᠭᠠᠬᠤ ᠤᠬᠠᠭᠠᠨ ᠤ ᠡᠯᠢᠭᠡᠨ ᠭᠡᠮᠲᠦᠯᠲᠦ ᠬᠡᠪ ᠦᠯᠢᠭᠡᠷ ᠪᠦᠬᠦᠢ ᠲᠤᠮᠤ ᠬᠤᠯᠤᠭᠠᠨ᠎ᠠ ᠶᠢᠨ ᠡᠯᠢᠭᠡ ᠶᠢ ᠬᠠᠮᠠᠭᠠᠯᠠᠬᠤ ᠦᠢᠯᠡᠳᠦᠯ ᠲᠡᠢ ᠪᠠᠢᠨ᠎ᠠ᠃ |
原文 |
没有原文
|
出自 |
内蒙古民族大学学报(蒙医药学)
2015年
第1期
|