摘要 |
ᠪᠢᠳᠠ ᠥᠪᠥᠷ ᠮᠣᠩᠭᠣᠯ ᠤᠷᠤᠨ ᠡᠴᠡ ᠲᠦᠷᠪᠡᠨ ᠴᠡᠭ ᠰᠤᠩᠭ᠋ᠤᠨ ᠠᠪᠴᠤ ᠨᠡᠢ᠌ᠳᠡ 5450 ᠮᠣᠩᠭᠣᠯ ᠬᠦᠮᠦᠨ ᠦ ᠨᠡᠷᠡᠰ ᠢ ᠴᠤᠭᠯᠠᠭᠤᠯᠵᠤ ᠡᠮᠬᠢᠳᠬᠡᠭᠦ ᠶᠢᠨ ᠬᠠᠮᠳᠤ᠂ ᠮᠣᠩᠭᠣᠯ ᠨᠡᠷ ᠡ ᠶᠢᠨ ᠦᠩᠬᠡᠷᠡᠭᠰᠡᠨ ᠰᠤᠳᠤᠯᠭᠠᠨ ᠪᠠ ᠤᠳᠤᠬᠢ ᠴᠤᠭᠯᠠᠭᠤᠯᠤᠭᠰᠠᠨ ᠮᠡᠲ᠋ᠸᠷᠢᠶᠠᠯ ᠶᠢᠨ ᠲᠦᠷᠪᠡᠨ ᠱᠠᠳᠤᠨ ᠳᠤ ᠬᠤᠪᠢᠶᠠᠵᠤ᠂ ᠰᠤᠳᠤᠯᠤᠯ ᠰᠢᠨᠵᠢᠯᠡᠯ ᠬᠦᠵᠦ ᠦᠵᠡᠬᠦ ᠳᠤ᠂ ᠮᠣᠩᠭ᠋ᠣᠯᠴᠣᠳ ᠤᠨ ᠬᠢᠲᠠᠳ ᠨᠡᠷ ᠡ ᠠᠪᠬᠤ ᠰᠡᠬᠢᠴᠡ ᠶᠢᠨ ᠲᠠᠯ ᠠ ᠪᠠᠷ᠂ ᠦᠩᠾᠡᠷᠡᠭᠰᠡᠨ ᠤᠳᠤ ᠳᠤ ᠤᠨᠴᠠᠭᠠᠢ᠌ᠯᠠᠨ ᠵᠡᠭᠦᠨ ᠭᠠᠵᠠᠷ ᠤᠨ ᠲᠠᠷᠢᠶᠠᠯᠠᠬᠤ ᠤᠷᠤᠨ ᠦ ᠮᠣᠩᠭ᠋ᠣᠯᠴᠣᠳ ᠤᠨ ᠳᠤᠳᠤᠷ ᠠ ᠬᠢᠲᠠᠳ ᠭᠠᠷᠤᠯ ᠲᠠᠢ ᠬᠦᠮᠦᠨ ᠦ ᠨᠡᠷ ᠡ ᠵᠤᠬᠢᠬᠤ ᠪᠠᠢ᠌ᠷᠢ ᠶᠢ ᠡᠵᠡᠯᠡᠨ᠎ᠡ ᠬᠡᠳᠡᠭ ᠪᠤᠯᠪᠠᠴᠤ ᠨᠠᠷᠢᠨ ᠰᠵᠢᠭᠯᠠᠪᠠᠯ ᠠᠭᠤᠯᠬᠤᠨ ᠨᠢ ᠬᠠᠰᠢᠯᠠ ᠮᠣᠩᠭᠣᠯ ᠰᠡᠳᠬᠢᠬᠦᠢ ᠡᠴᠡ ᠰᠠᠯᠵᠤ ᠴᠢᠳᠠᠭ᠎ᠠ ᠦᠬᠡᠢ ᠮᠣᠩᠭᠣᠯ ᠨᠡᠷ ᠡ ᠨᠢ ᠭᠤᠤᠯ ᠪᠠᠢ᠌ᠷᠢ ᠶᠢ ᠡᠵᠡᠯᠡᠵᠤ ᠪᠠᠢ᠌ᠨ᠎ᠠ᠃ |