题名 |
ᠮᠣᠩᠭᠤᠯᠴᠤᠳ ᠤᠨ ᠬᠤᠨᠢ ᠶᠢ ᠡᠷᠬᠢᠮᠯᠡᠬᠦ ᠶᠤᠰᠤᠨ᠂ ᠬᠤᠨᠢᠨ ᠰᠠᠴᠤᠯᠢ ᠬᠢᠭᠡᠳ ᠢᠷᠦᠭᠡᠯ |
作者 |
ᠳ᠋ · ᠪᠠᠲᠤ |
关键词 |
ᠮᠣᠩᠭᠤᠯ ᠠᠬᠤᠢ ᠠᠮᠢᠳᠤᠷᠠᠯ; ᠬᠤᠨᠢ ᠲᠠᠢ ᠬᠤᠯᠪᠤᠭᠳᠠᠬᠤ ᠵᠠᠩ ᠦᠢᠯᠡ; ᠢᠷᠦᠭᠡᠯ; ᠮᠣᠩᠭᠤᠯ ᠰᠡᠳᠬᠢᠭᠦᠢ |
摘要 |
ᠬᠤᠨᠢᠨ ᠤ ᠲᠤᠬᠠᠢ ᠮᠣᠩᠭᠤᠯᠴᠤᠳ ᠪᠤᠳᠠᠰ ᠤᠨ ᠪᠤᠯᠤᠨ ᠤᠶᠤᠨ ᠤ ᠣᠯᠠᠨ ᠰᠤᠶᠤᠯ ᠲᠡᠦᠬᠡ ᠶᠢ ᠪᠦᠲᠦᠭᠡᠭᠰᠡᠨ ᠶᠤᠮ᠃ ᠢᠰᠡᠭᠡᠢ᠂ ᠮᠣᠩᠭᠤᠯ ᠭᠡᠷ᠂ ᠰᠢᠷᠢᠮᠡᠯ ᠤᠷᠠᠯᠢᠭ᠂ ᠬᠤᠪᠴᠠᠰᠤ ᠬᠤᠨᠠᠷ ᠵᠢᠴᠢ ᠠᠮᠢᠳᠤᠷᠠᠯ ᠠᠬᠤᠢ ᠶᠢᠨ ᠶᠡᠬᠡᠩᠬᠢ ᠬᠡᠷᠡᠭᠴᠡᠭᠡ ᠨᠢ ᠬᠤᠨᠢᠨ ᠥᠬᠢ ᠪᠡᠷ ᠰᠡᠳᠬᠢᠰᠢ ᠦᠭᠡᠢ ᠶᠤᠮ᠃ ᠬᠤᠨᠢ ᠲᠠᠢ ᠪᠠᠢᠵᠤ᠂ ᠬᠤᠨᠢ ᠶᠢ ᠮᠠᠯᠯᠠᠵᠤ᠂ ᠣᠯᠠᠨ ᠵᠤᠢᠯ ᠤᠨ ᠲᠤᠷᠰᠢᠯᠭ᠎ᠠ ᠬᠤᠷᠠᠮᠳᠤᠭᠤᠯᠤᠭᠰᠠᠨ ᠢᠶᠠᠷ ᠰᠠᠶᠢ ᠬᠤᠨᠢᠨ ᠤ ᠲᠤᠬᠠᠢ ᠪᠤᠳᠠᠰ ᠤᠨ ᠰᠤᠶᠤᠯ ᠪᠤᠢ ᠪᠤᠯᠵᠤ᠂ ᠲᠡᠷᠡᠴᠢᠯᠡᠨ ᠬᠤᠨᠢᠨ ᠤ ᠲᠤᠬᠠᠢ ᠰᠠᠴᠤᠯᠢ᠂ ᠢᠷᠦᠭᠡᠯ ᠵᠡᠷᠭᠡ ᠠᠮᠠᠨ ᠢᠷᠠᠭᠤ ᠨᠠᠢᠷᠠᠭ ᠤᠨ ᠵᠤᠢᠯ ᠴᠤ ᠪᠤᠢ ᠪᠤᠯᠵᠤ᠂ ᠮᠦᠨ ᠡᠳᠡᠭᠡᠷ ᠰᠠᠴᠤᠯᠢ ᠢᠷᠦᠭᠡᠯ ᠳᠤᠲᠤᠷ᠎ᠠ ᠮᠣᠩᠭᠤᠯᠴᠤᠳ ᠤᠨ ᠵᠠᠩ ᠵᠠᠩᠰᠢᠯ᠂ ᠶᠤᠰᠤ ᠰᠤᠷᠲᠠᠬᠤᠨ᠂ ᠭᠦᠨ ᠤᠬᠠᠭᠠᠨ᠂ ᠰᠡᠳᠬᠢᠴᠡ ᠵᠦᠢ ᠶᠢᠨ ᠮᠠᠰᠢ ᠭᠠᠢᠬᠠᠯᠲᠠᠢ ᠰᠤᠶᠤᠯ ᠠᠬᠤᠭᠤᠯᠤᠭᠳᠠᠵᠤ ᠪᠠᠢᠭ᠎ᠠ ᠶᠤᠮ᠃ ᠦᠭᠦᠯᠡᠯ ᠳᠦ᠂ ᠮᠣᠩᠭᠤᠯᠴᠤᠳ ᠬᠤᠨᠢ ᠶᠢ ᠬᠡᠵᠢᠶ᠎ᠡ ᠦᠶ᠎ᠡ ᠡᠴᠡ ᠡᠬᠢᠯᠡᠵᠦ ᠭᠠᠷᠰᠢᠭᠤᠯᠤᠭᠰᠠᠨ᠂ ᠬᠤᠨᠢ ᠶᠢᠨ ᠲᠤᠬᠠᠢ ᠰᠠᠴᠤᠯᠢ ᠶᠢᠨ ᠤᠴᠢᠷ ᠤᠳᠬ᠎ᠠ᠂ ᠮᠣᠩᠭᠤᠯ ᠤᠨ ᠢᠷᠦᠭᠡᠯ ᠮᠠᠭᠲᠠᠭᠠᠯ ᠳᠠᠭᠠᠨ ᠬᠤᠨᠢᠨ ᠤ ᠲᠤᠬᠠᠢ ᠰᠤᠶᠤᠯ ᠵᠢᠴᠢ ᠮᠣᠩᠭᠤᠯᠴᠤᠳ ᠤᠨ ᠠᠬᠤᠢ ᠶᠢᠨ ᠰᠡᠳᠬᠢᠯᠭᠡ᠂ ᠵᠠᠩ ᠵᠠᠩᠰᠢᠯ᠂ ᠮᠠᠯ ᠠᠵᠤ ᠠᠬᠤᠢ ᠶᠢᠨ ᠲᠡᠦᠬᠡ ᠰᠤᠶᠤᠯ ᠵᠡᠷᠭᠡ ᠶᠢ ᠡᠷᠢᠯᠬᠢᠯᠡᠨ ᠰᠢᠨᠵᠢᠯᠡᠵᠦ ᠰᠤᠳᠤᠯᠤᠭᠰᠠᠨ ᠪᠠᠢᠨ᠎ᠠ᠃ |
原文 |
查看原文
|
出自 |
中国蒙古学
2015年
第4期
|