摘要 |
ᠪᠤᠷᠬᠠᠨ ᠱᠠᠰᠢᠨ ᠪᠤᠯᠤᠨ ᠪᠤᠷᠬᠠᠨ ᠤ ᠰᠤᠳᠤᠷ ᠨᠢ ᠳᠡᠯᠡᠬᠡᠢ ᠶᠢᠨ ᠣᠯᠠᠨ ᠣᠷᠤᠨ ᠢᠯᠠᠩᠭ᠋ᠤᠶ᠎ᠠ ᠠᠽᠢᠶ᠎ᠠ ᠶᠢᠨ ᠣᠯᠠᠨ ᠣᠷᠤᠨ ᠤ ᠤᠷᠠᠨ ᠵᠤᠬᠢᠶᠠᠯ ᠤᠷᠠᠯᠢᠭ ᠤᠨ ᠬᠦᠭ᠍ᠵᠢᠯᠲᠡ ᠳᠦ ᠯᠤᠳᠤ ᠶᠡᠬᠡ ᠨᠦᠯᠦᠭᠡ ᠦᠵᠡᠭᠦᠯᠵᠡᠢ᠃ ᠮᠣᠩᠭ᠋ᠤᠯᠴᠤᠳ ᠠᠯᠢ ᠡᠷᠲᠡ 13᠋ ᠳᠤᠭᠠᠷ ᠵᠠᠭᠤᠨ ᠤ ᠳᠤᠮᠳᠠᠴᠢ ᠪᠠᠷ ᠪᠤᠷᠬᠠᠨ ᠱᠠᠰᠢᠨ ᠢ ᠬᠦᠯᠢᠶᠡᠨ ᠠᠪᠴᠤ 17᠂ 18᠋ ᠳᠤᠭᠠᠷ ᠵᠠᠭᠤᠨ ᠪᠤᠯᠬᠤ ᠳᠤ ᠪᠤᠷᠬᠠᠨ ᠤ ᠰᠤᠳᠤᠷ ᠤᠨ ᠬᠤᠶᠠᠷ ᠲᠤᠮᠤ ᠴᠤᠮᠤᠷᠯᠢᠭ 《ᠭᠠᠨᠵᠤᠤᠷ》᠂ 《ᠳ᠋ᠠᠨᠵᠤᠤᠷ》᠋ ᠢ ᠪᠦᠷᠢᠨ ᠣᠷᠴᠢᠭᠤᠯᠤᠨ ᠪᠠᠷᠯᠠᠨ ᠭᠠᠷᠭᠠᠵᠤ᠂ ᠪᠤᠷᠬᠠᠨ ᠱᠠᠰᠢᠨ ᠪᠤᠯᠤᠨ ᠲᠡᠭᠦᠨ ᠦ ᠰᠤᠷᠭᠠᠯ ᠢ ᠰᠤᠳᠤᠯᠵᠤ ᠰᠢᠨᠵᠢᠯᠡᠬᠦ ᠶᠢᠨ ᠬᠠᠮᠲᠤ ᠲᠡᠭᠦᠨ ᠡᠴᠡ ᠭᠦᠨ ᠤᠬᠠᠭᠠᠨ᠂ ᠬᠡᠯᠡ ᠪᠢᠴᠢᠭ᠌᠂ ᠤᠷᠠᠨ ᠵᠤᠬᠢᠶᠠᠯ᠂ ᠲᠡᠭᠷᠢ ᠶᠢᠨ ᠵᠦᠢ ᠣᠳᠤᠨ ᠵᠢᠷᠤᠬᠠᠢ᠂ ᠡᠮ ᠡᠮᠨᠡᠯᠭᠡ᠂ ᠵᠢᠷᠤᠭ ᠱᠤᠭᠤᠮᠠᠯ ᠵᠡᠷᠭᠡ ᠣᠯᠠᠨ ᠲᠠᠯ᠎ᠠ ᠶᠢᠨ ᠮᠡᠳᠡᠯᠭᠡ ᠶᠢ ᠬᠦᠯᠢᠶᠡᠵᠦ ᠠᠪᠤᠭᠰᠠᠨ ᠶᠤᠮ᠃ |