摘要 |
ᠶᠠᠮᠠᠡᠷ ᠨᠢᠭᠡᠨ ᠬᠡᠯᠡᠨ ᠤ ᠶᠡᠷᠦᠩᠬᠡᠢ ᠦᠭᠡᠰ ᠤᠨ ᠲᠠᠯᠠᠪᠠᠢ ᠳ᠋ᠤ ᠶᠡᠬᠡ ᠬᠡᠮᠵᠢᠶᠠᠨ ᠤ ᠬᠠᠷᠢᠶᠠᠲᠤ ᠤᠳᠬ ᠠ ᠶᠢᠨ ᠲᠠᠯᠠᠪᠠᠢ ᠪᠣᠯᠤᠨ ᠤᠯᠤᠨ ᠦᠭᠡ ᠶᠢᠨ ᠤᠳᠬ ᠠ ᠵᠢ ᠠᠬᠤᠭᠤᠯᠵᠤ ᠪᠠᠢᠬᠤ ᠪᠦᠭᠡᠳ ᠡᠳᠡᠭᠡᠷ ᠤᠳᠬ ᠠ ᠨᠢ ᠶᠡᠬᠡ ᠵᠦᠷᠢᠶ ᠠ ᠲᠠᠢ ᠪᠠᠢᠳᠠᠭ᠃ ᠭᠡᠪᠡᠴᠦ ᠤᠳᠬ ᠠ ᠶᠢᠨ ᠲᠠᠯᠠᠪᠠᠢ( ᠶᠡᠷᠦᠩᠬᠡᠢ ᠦᠭᠡᠰ ᠤᠨ ᠲᠠᠯᠠᠪᠠᠢ ᠪᠠᠭᠲᠠᠨ᠎ᠠ) ᠨᠢ ᠨᠢᠭᠡ ᠰᠢᠰᠲ᠋ᠸᠮ ᠮᠦᠨ ᠪᠣᠯᠬᠤᠷ ᠤᠳᠬ ᠠ ᠶᠢᠨ ᠲᠠᠯᠠᠪᠠᠢ ᠶᠢᠨ ᠲᠤᠳᠤᠷᠠᠬᠢ ᠡᠯ ᠠ ᠤᠳᠬ ᠠ ᠨᠢ ᠬᠤᠭᠤᠷᠤᠨᠳᠤ ᠪᠠᠨ ᠡᠮᠬᠢ ᠵᠠᠮᠪᠠᠷᠠᠭ᠎ᠠ ᠦᠭᠡᠢ ᠪᠢᠰᠢ᠂ ᠬᠠᠷᠢᠨ ᠦᠭᠡ ᠶᠢᠨ ᠤᠳᠬ ᠠ ᠶᠢᠨ ᠠᠢᠮᠠᠭᠷᠠᠬᠤ ᠪᠠ ᠨᠠᠢᠷᠠᠬᠤ ᠬᠠᠷᠢᠴᠠᠭᠠᠨ ᠳ᠋ᠤ ᠬᠠᠷᠢᠯᠴᠠᠨ ᠲᠦᠰᠦᠭᠯᠡᠵᠦ᠂ ᠬᠠᠷᠢᠯᠴᠠᠨ ᠬᠢᠵᠠᠭᠠᠷᠯᠠᠵᠤ ᠤᠷᠤᠰᠢᠳᠠᠭ᠃ ᠦᠭᠡ ᠨᠢ ᠠᠳᠠᠯᠢ ᠪᠣᠰᠤ ᠤᠳᠬ ᠠ ᠶᠢᠨ ᠬᠠᠷᠢᠴᠠᠭ ᠠ ᠪᠡᠷ ᠠᠢᠮᠠᠭᠷᠠᠵᠤ ᠪᠦᠭᠡᠮᠨᠡᠷᠡᠳᠡᠭ᠃ ᠲᠤᠰ ᠦᠭᠦᠯᠡᠯ ᠳ᠋ᠤ ᠭᠤᠤᠯᠳᠠᠭᠤ ᠦᠭᠡ ᠶᠢᠨ ᠤᠳᠬ ᠠ ᠶᠢᠨ ᠠᠢᠮᠠᠭᠷᠠᠬᠤ ᠬᠤᠷᠢᠴᠠᠭᠠᠨ ᠤ ᠲᠠᠯ ᠠ ᠡᠴᠡ ᠶᠠᠷᠢᠬᠤ ᠪᠣᠯᠤᠨ ᠠ᠃ |