题名 |
ᠡᠸᠡᠩᠬᠢ ᠬᠡᠯᠡ ᠪᠡ ᠮᠣᠩᠭᠣᠯ ᠬᠡᠯᠡᠨ ᠦ ᠦᠭ᠍ᠬᠦ ᠤᠷᠤᠰᠢᠬᠤ ᠶᠢᠨ ᠲᠡᠢ᠌ᠢᠨ ᠢᠯᠭᠠᠯ ᠤᠨ ᠳᠠᠭᠠᠪᠤᠷᠢ ᠶᠢᠨ ᠬᠠᠷᠢᠴᠠᠭᠤᠯᠤᠯ |
作者 |
ᠳ • ᠰᠸᠷᠡᠨᠪᠠᠲᠤ |
关键词 |
ᠡᠸᠡᠩᠬᠢ ᠬᠡᠯᠡ; ᠮᠣᠩᠭᠣᠯ ᠬᠡᠯᠡ; ᠦᠭ᠍ᠬᠦ ᠤᠷᠤᠰᠢᠬᠤ ᠶᠢᠨ ᠲᠡᠢ᠌ᠨ ᠢᠯᠭᠠᠯ |
摘要 |
ᠡᠸᠡᠩᠬᠢ ᠬᠡᠯᠡ ᠪᠡ ᠮᠣᠩᠭᠣᠯ ᠬᠡᠯᠡᠨ ᠦ ᠦᠭ᠍ᠬᠦ ᠤᠷᠤᠰᠢᠬᠤ ᠶᠢᠨ ᠲᠡᠢ᠌ᠨ ᠢᠯᠭᠠᠯ ᠤᠨ ᠳᠠᠭᠠᠪᠤᠷᠢ ᠶᠢᠨ ᠢᠯᠡᠷᠡᠬᠦ ᠬᠡᠯᠪᠡᠷᠢ ᠪᠡ ᠤᠳᠬ᠎ᠠ ᠦᠢᠯᠡᠳᠦᠯ ᠵᠡᠷᠭᠡ ᠲᠠᠯ᠎ᠠ ᠪᠠᠷ ᠶᠡᠬᠡ ᠲᠦᠯᠦᠪ ᠣᠢ᠌ᠷᠠᠯᠴᠠᠭ᠎ᠠ ᠪᠠᠢ᠌ᠳᠠᠯ ᠲᠠᠢ᠃ ᠲᠤᠰ ᠬᠣᠶᠠᠷ ᠬᠡᠯᠡᠨ ᠦ ᠦᠭ᠍ᠬᠦ ᠣᠷᠤᠰᠢᠬᠤ ᠶᠢᠨ ᠲᠠᠢ᠌ᠨ ᠢᠯᠭᠠᠯ ᠤᠨ ᠳᠠᠭᠠᠪᠤᠷᠢ ᠨᠢ ᠬᠠᠷᠢᠯᠴᠠᠨ ᠨᠦᠯᠦᠭᠡᠯᠡᠯᠴᠡᠭᠰᠡᠨ ᠡᠴᠡ ᠪᠣᠯᠤᠭᠰᠠᠨ ᠶᠣᠮ ᠣᠣ? ᠡᠰᠡᠪᠡᠯ ᠡᠷᠲᠡᠨ ᠦ ᠨᠡᠢ᠌ᠲᠡ ᠳᠤᠮᠳᠠ ᠶᠢᠨ ᠨᠢᠭᠡᠨ ᠬᠡᠯᠡᠨ ᠦ ᠦᠭ᠍ᠬᠦ ᠣᠷᠤᠰᠢᠬᠤ ᠶᠢᠨ ᠲᠡᠢ᠌ᠨ ᠢᠯᠭᠠᠯ ᠡᠴᠡ ᠰᠠᠯᠪᠤᠷᠢᠯᠠᠨ ᠬᠦᠭ᠍ᠵᠢᠭ᠍ᠰᠡᠨ ᠡᠴᠡ ᠪᠣᠯᠤᠭᠰᠠᠨ ᠶᠣᠮ ᠣᠣ? ᠭᠡᠰᠡᠨ ᠠᠰᠠᠭᠤᠳᠠᠯ ᠢ ᠲᠤᠰ ᠦᠭᠦᠯᠡᠯ ᠳᠥ ᠠᠯᠲᠠᠢ ᠢᠵᠠᠭᠤᠷ ᠬᠡᠯᠡᠨ ᠦ ᠮᠠᠨᠵᠤ - ᠲᠦᠩᠭᠦᠰ ᠲᠦᠷᠦᠯ ᠬᠡᠯᠡ᠂ ᠮᠣᠩᠭᠣᠯ ᠲᠦᠷᠦᠯ ᠬᠡᠯᠡ ᠪᠡ ᠲᠦᠷᠦᠭ ᠲᠦᠷᠦᠯ ᠦᠨ ᠬᠡᠯᠡ ᠨᠦᠭᠦᠳ ᠦᠨ ᠦᠭ᠍ᠬᠦ ᠣᠷᠤᠰᠢᠬᠤ ᠶᠢᠨ ᠳᠠᠢ᠌ᠨ ᠢᠯᠭᠠᠯ ᠤᠨ ᠳᠠᠭᠠᠪᠤᠷᠢ ᠨᠤᠭᠤᠳ ᠢ ᠬᠠᠷᠢᠴᠠᠭᠤᠯᠤᠨ ᠰᠢᠨᠵᠢᠯᠡᠬᠦ ᠪᠡᠷ ᠳᠠᠮᠵᠢᠭᠤᠯᠵᠤ᠂ ᠡᠳᠡᠭᠡᠷ ᠬᠡᠯᠡ ᠨᠦᠭᠦᠳ ᠦᠨ ᠦᠭ᠍ᠬᠦ ᠣᠷᠤᠰᠢᠬᠤ ᠶᠢᠨ ᠲᠡᠢ᠌ᠨ ᠢᠯᠭᠠᠯ ᠤᠨ ᠢᠯᠡᠷᠡᠬᠦ ᠬᠡᠯᠪᠡᠷᠢ ᠪᠡ ᠢᠯᠡᠳᠭᠡᠬᠦ ᠤᠳᠬ᠎ᠠ ᠨᠢ ᠴᠦᠮ ᠠᠳᠠᠯᠢ ᠪᠠᠢ᠌ᠭ᠎ᠠ ᠶᠢ ᠮᠡᠳᠡᠵᠦ᠂ ᠠᠳᠠᠯᠢᠬᠠᠨ ᠡᠭᠦᠰᠦᠯ ᠦᠨ ᠬᠠᠷᠢᠴᠠᠭ᠎ᠠ ᠲᠠᠢ᠂ ᠨᠢᠭᠡ ᠢᠵᠠᠭᠤᠷ ᠡᠴᠡ ᠡᠭᠦᠰᠴᠦ ᠬᠦᠭ᠍ᠵᠢᠵᠦ ᠢᠷᠡᠭᠰᠡᠨ ᠳᠠᠭᠠᠪᠤᠷᠢ ᠨᠤᠭᠤᠳ ᠪᠣᠯᠬᠤ ᠶᠢ ᠳᠣᠳᠤᠯᠠᠨ ᠲᠣᠳᠤᠷᠬᠠᠢ᠌ᠯᠠᠪᠠ᠃ |
原文 |
查看原文
|
出自 |
中国蒙古学
2011年
第1期
|