摘要 |
ᠠᠭᠸᠠᠩᠳᠠᠨᠳᠠᠷ ᠤᠨ 《ᠬᠡᠯᠡᠨ ᠤ ᠴᠢᠮᠡᠭ》 ᠪᠤᠯ ᠮᠤᠩᠭ᠋ᠤᠯ ᠬᠡᠯᠡ ᠰᠢᠨᠵᠢᠯᠡᠯ ᠤᠨ ᠲᠡᠦᠬᠡ ᠶᠢᠨ ᠤᠯᠠᠮᠵᠢᠯᠠᠯ ᠪᠠ ᠤᠨᠤᠯ ᠤᠨ ᠦᠨᠳᠦᠰᠦ ᠶᠢ ᠵᠠᠯᠭᠠᠮᠵᠢᠯᠠᠨ ᠬᠦᠭ᠍ᠵᠢᠭᠦᠯᠦᠭᠰᠡᠨ ᠴᠢᠬᠤᠯᠠ ᠪᠦᠳᠦᠭᠡᠯ ᠪᠤᠯᠬᠤ ᠶᠤᠮ᠃ ᠦᠩᠭᠡᠷᠡᠭᠰᠡᠨ ᠤ ᠰᠤᠳᠤᠯᠭᠠᠨ ᠤ ᠤᠯᠠᠩᠬᠢ ᠪᠦᠳᠦᠭᠡᠯ ᠨᠢ ᠲᠡᠭᠦᠨ ᠢ ᠡᠨᠡ ᠲᠠᠯ᠎ᠠ ᠡᠴᠡ ᠨᠢ ᠵᠠᠳᠠᠯᠤᠨ ᠰᠢᠨᠵᠢᠯᠡᠵᠦ ᠦᠨᠡᠯᠡᠯᠳᠡ ᠦᠭᠴᠦ ᠰᠤᠳᠤᠯᠤᠭᠰᠠᠨ ᠪᠠᠢ᠌ᠵᠠᠢ᠃ ᠲᠤᠰ ᠦᠭᠦᠯᠡᠯ ᠳᠤ 《ᠬᠡᠯᠡᠨ ᠤ ᠴᠢᠮᠡᠭ》 ᠤᠨ ᠠᠭᠤᠯᠭ᠎ᠠ ᠶᠢᠨ ᠲᠤᠬᠢᠷᠠᠭᠤᠯᠤᠯᠳᠠ᠂ ᠵᠢᠭᠠᠨ ᠰᠤᠷᠭᠠᠯᠳᠠ ᠳᠤ ᠴᠢᠭ᠍ᠯᠡᠭᠦᠯᠦᠭᠰᠡᠨ ᠠᠷᠭ᠎ᠠ ᠮᠠᠶ᠊ᠢᠭ᠂ ᠮᠤᠩᠭ᠋ᠤᠯ ᠬᠡᠯᠡ ᠪᠢᠴᠢᠭ᠌ ᠤᠨ ᠵᠢᠭᠠᠨ ᠰᠤᠷᠭᠠᠯᠳᠠ ᠶᠢᠨ ᠲᠡᠦᠬᠡᠨ ᠳᠤ ᠦᠵᠡᠭᠦᠯᠦᠭᠰᠡᠨ ᠠᠴᠢ ᠬᠤᠯᠪᠤᠭᠳᠠᠯ ᠵᠡᠷᠭᠡ ᠲᠠᠯ᠎ᠠ ᠡᠴᠡ ᠮᠤᠩᠭ᠋ᠤᠯ ᠬᠡᠯᠡ ᠪᠢᠴᠢᠭ᠌ ᠤᠨ ᠰᠤᠷᠬᠤ ᠪᠢᠴᠢᠭ᠌ ᠪᠤᠯᠬᠤ ᠤᠨᠴᠠᠯᠢᠭ ᠢ ᠨᠢ ᠠᠩᠬ᠎ᠠ ᠤᠳᠠᠭ᠎ᠠ ᠲᠤᠷᠰᠢᠨ ᠦᠭᠦᠯᠡᠵᠡᠢ᠃ ᠶᠡᠷᠦᠩᠬᠡᠢ ᠳᠤᠨᠢ ᠦᠵᠡᠪᠡᠯ᠂ 《ᠬᠡᠯᠡᠨ ᠤ ᠴᠢᠮᠡᠭ》 ᠪᠤᠯ ᠮᠤᠩᠭ᠋ᠤᠯ ᠬᠡᠯᠡ ᠰᠤᠳᠤᠯᠭᠠᠨ ᠤ ᠤᠯᠠᠮᠵᠢᠯᠠᠯᠳᠤ ᠤᠨᠤᠯ ᠢ ᠵᠠᠯᠭᠠᠮᠵᠢᠯᠠᠨ ᠬᠦᠭ᠍ᠵᠢᠭᠦᠯᠦᠭᠰᠡᠨ ᠰᠤᠳᠤᠯᠭᠠᠨ ᠤ ᠪᠦᠳᠦᠭᠡᠯ ᠪᠤᠯᠬᠤ ᠪᠡᠷ ᠪᠠᠷᠠᠬᠤ ᠦᠭᠡᠢ ᠪᠠᠰᠠ ᠮᠤᠩᠭ᠋ᠤᠯ ᠬᠡᠯᠡ ᠪᠢᠴᠢᠭ᠌ ᠰᠤᠷᠬᠤ ᠬᠦᠮᠦᠰ ᠲᠤ ᠰᠤᠷᠬᠤ ᠪᠢᠴᠢᠭ᠌ ᠪᠤᠯᠬᠤ ᠲᠠᠪᠬᠤᠷ ᠡᠭᠦᠷᠭᠡ ᠶᠢ ᠭᠦᠢᠴᠡᠳᠭᠡᠭ᠍ᠰᠡᠨ ᠴᠢᠬᠤᠯᠠ ᠪᠦᠳᠦᠭᠡᠯ ᠪᠤᠯᠤᠨ᠎ᠠ᠃ |