论文信息


题名 ᠵᠦᠴᠦᠭᠡ ᠶᠢᠨ ᠵᠤᠬᠢᠶᠠᠯ ᠤᠨ ᠲᠤᠬᠠᠢ ᠰ‍᠂ ᠪᠤᠶᠠᠨᠨᠡᠮᠡᠬᠦ ᠶᠢᠨ ᠤᠨᠤᠯ ᠦᠵᠡᠯᠲᠡ
作者 ᠸᠠᠩ ᠢᠦᠢ ᠯᠦᠩ
关键词 ᠰ‍᠂ ᠪᠤᠶᠠᠨᠨᠡᠮᠡᠬᠦ; ᠵᠦᠴᠦᠭᠡ ᠶᠢᠨ ᠵᠤᠬᠢᠶᠠᠯ; ᠤᠨᠤᠯ ᠦᠵᠡᠯᠲᠡ
摘要 ᠰ‍᠂ ᠪᠤᠶᠠᠨᠨᠡᠮᠡᠬᠦ ᠪᠤᠯ ᠮᠤᠨᠭᠭᠤᠯ ᠤᠨ ᠤᠷᠴᠢᠨ ᠦᠶ᠎ᠡ ᠶᠢᠨ ᠵᠦᠴᠦᠭᠡ ᠶᠢᠨ ᠤᠤᠭᠠᠨ ᠵᠤᠬᠢᠶᠠᠯᠴᠢ ᠪᠠᠷ ᠪᠠᠷᠠᠬᠤ ᠦᠭᠡᠢ ᠠᠩ᠋ᠬᠠᠨ ᠤ ᠵᠦᠴᠦᠭᠡ ᠶᠢᠨ ᠤᠨᠤᠯᠴᠢ ᠮᠦᠨ᠃ ᠲᠡᠷᠡ ᠪᠡᠷ 《ᠤᠷᠠᠨ ᠵᠤᠬᠢᠶᠠᠯ ᠢ ᠬᠡᠷᠬᠢᠨ ᠵᠤᠬᠢᠶᠠᠬᠤ ᠰᠡᠳᠦᠪ》᠂ 《ᠲᠢᠶᠠᠲ᠋ᠷ ᠤᠨ ᠤᠷᠠᠨ ᠰᠠᠶᠢᠬᠠᠨ ᠤ ᠲᠤᠬᠠᠢ》᠂ 《ᠤᠳᠬ᠎ᠠ ᠵᠤᠬᠢᠶᠠᠯ ᠤᠨ ᠡᠭᠦᠳᠡ》᠂ 《ᠲᠤᠰ ᠤᠯᠤᠰ ᠤᠨ 15 ᠵᠢᠯ ᠦᠨ ᠤᠢ ᠪᠠ ᠦᠨᠳᠦᠰᠦᠲᠡᠨ ᠦ ᠤᠷᠠᠨ ᠰᠠᠶᠢᠬᠠᠨ ᠤ 15 ᠵᠢᠯ ᠦᠨ ᠬᠦᠭ᠍ᠵᠢᠯ》ᠵᠡᠷᠭᠡ ᠲᠤᠰᠬᠠᠢ ᠦᠭᠦᠯᠡᠯ ᠵᠤᠬᠢᠶᠠᠯ ᠪᠢᠴᠢᠵᠦ ᠵᠦᠴᠦᠭᠡ ᠶᠢᠨ ᠵᠤᠬᠢᠶᠠᠯ ᠤᠨ ᠦᠢᠯᠡᠳᠦᠯ᠂ ᠤᠳᠬ᠎ᠠ ᠰᠡᠳᠦᠪ᠂ ᠲᠦᠷᠦᠯ ᠵᠤᠶᠢᠯ᠂ ᠲᠤᠭᠤᠷᠪᠢᠬᠤ ᠠᠷᠭ᠎ᠠ ᠵᠡᠷᠭᠡ ᠤᠨᠤᠯ ᠤᠨ ᠦᠨᠳᠦᠰᠦᠨ ᠠᠰᠠᠭᠤᠳᠠᠯ ᠤᠳ ᠢ ᠬᠦᠨᠳᠡᠵᠦ ᠦᠭᠦᠯᠡᠭᠰᠡᠨ ᠪᠠᠶᠢᠨ᠎ᠠ᠃ ᠲᠤᠰ ᠦᠭᠦᠯᠡᠯ ᠳᠦ ᠰ‍᠂ ᠪᠤᠶᠠᠨᠨᠡᠮᠡᠬᠦ ᠶᠢᠨ ᠵᠦᠴᠦᠭᠡ ᠶᠢᠨ ᠲᠤᠬᠠᠢ ᠤᠨᠤᠯ ᠦᠵᠡᠯᠲᠡ ᠶᠢ ᠵᠦᠴᠦᠭᠡ ᠶᠢᠨ ᠦᠢᠯᠡᠳᠦᠯ ᠪᠡ ᠳᠠᠪᠠᠭᠤᠯᠢᠭ ᠲᠠᠯ᠎ᠠ᠂ ᠵᠤᠬᠢᠶᠠᠯ ᠤᠨ ᠪᠠᠭᠠᠲᠤᠷ ᠢ ᠭᠤᠤᠯ ᠪᠤᠯᠭᠠᠬᠤ ᠦᠵᠡᠯᠲᠡ᠂ ᠵᠢᠱᠢᠶᠡᠯᠡᠨ ᠦᠵᠡᠭᠦᠯᠬᠦ ᠴᠢᠨᠠᠷ᠂ ᠵᠦᠷᠢᠴᠡᠯ ᠮᠦᠷᠭᠦᠯᠳᠦᠭᠡᠨ ᠦ ᠲᠤᠬᠠᠢ᠂ ᠪᠦᠲᠦᠴᠡ ᠶᠢᠨ ᠲᠤᠬᠠᠢ᠂ ᠲᠦᠷᠦᠯ ᠠᠩ᠋ᠭᠢᠯᠠᠯ ᠤᠨ ᠲᠤᠬᠠᠢ᠂ ᠤᠯᠠᠮᠵᠢᠯᠠᠯ ᠰᠢᠨᠡᠴᠢᠯᠡᠯ ᠦᠨ ᠬᠠᠷᠢᠴᠠᠭᠠᠨ ᠤ ᠲᠤᠬᠠᠢ ᠵᠡᠷᠭᠡ ᠳᠤᠯᠤᠭᠠᠨ ᠲᠠᠯ᠎ᠠ ᠠᠴᠠ ᠵᠠᠳᠠᠯᠵᠤ ᠭᠠᠷᠭᠠᠵᠠᠢ᠃
原文 查看原文
出自 中国蒙古学 2010年 第3期

联系我们


内蒙古大学图书馆
呼和浩特市大学西路235号
中国·内蒙古
P: (0471) 4992561
E: huangfeilong@imu.edu.cn