摘要 |
ᠰᠤᠶᠤᠯ ᠤᠨ ᠰᠢᠭᠦᠮᠵᠢᠯᠡᠯ ᠦᠨ ᠠᠰᠠᠭ᠋ᠤᠳᠠᠯ ᠪᠤᠯ ᠤᠯᠠᠮᠵᠢᠯᠠᠯᠲᠤ ᠰᠤᠶᠤᠯ ᠰᠢᠨᠵᠢᠯᠡᠭᠡᠨ ᠦ ᠬᠦᠷᠢᠶᠡᠨ ᠳᠡᠬᠢ ᠨᠢᠭᠡᠨ ᠴᠢᠬᠤᠯᠠ ᠰᠤᠳᠤᠯᠭ᠋ᠠᠨ ᠤ ᠰᠡᠳᠦᠪ ᠪᠤᠯᠤᠨ᠎ᠠ᠃ ᠬᠦᠮᠦᠨ ᠲᠦᠷᠦᠯᠬᠢᠲᠡᠨ ᠦ ᠪᠤᠯᠪᠠᠰᠤᠨ ᠲᠡᠦᠬᠡᠨ ᠳᠦ ᠦᠪᠡᠷ ᠦᠨ ᠦᠪᠡᠷᠮᠢᠴᠡ ᠰᠤᠶᠤᠯ ᠢᠷᠭᠡᠨᠰᠢᠯ ᠢ ᠪᠤᠢ ᠪᠤᠯᠭ᠋ᠠᠨ ᠦᠯᠡᠳᠡᠭᠡᠵᠦ ᠨᠢᠭᠡ ᠦᠶ᠎ᠡ ᠳᠡᠯᠡᠬᠡᠢ ᠳᠠᠬᠢᠨ ᠳᠤ ᠠᠯᠳᠠᠷᠰᠢᠭᠰᠠᠨ ᠮᠣᠩᠭᠤᠯᠴᠤᠳ ᠬᠤᠵᠢᠮ ᠨᠢ ᠶᠠᠭ᠋ᠠᠬᠢᠭ᠋ᠠᠳ ᠳᠡᠯᠡᠬᠡᠢ ᠶᠢᠨ ᠰᠢᠨ᠎ᠡ ᠪᠤᠯᠪᠠᠰᠤᠨ ᠠᠴᠠ ᠬᠤᠴᠤᠷᠴᠤ 20᠋᠋ ᠳᠤᠭ᠋ᠠᠷ ᠵᠠᠭ᠋ᠤᠨ ᠤ ᠡᠴᠦᠰ ᠪᠤᠯᠵᠤ ᠪᠠᠢᠭ᠎ᠠ ᠦᠨ᠋ᠦᠳᠦᠷ ᠬᠤᠴᠤᠷᠤᠩ᠋ᠭ᠋ᠤᠢ ᠦᠨᠳᠦᠰᠦᠲᠡᠨ ᠦ ᠡᠩᠨ᠋ᠡᠭᠡᠨ ᠳᠦ ᠠᠯᠬᠤᠭ᠎ᠠ ᠪᠤᠢ? ᠲᠤᠰ ᠦᠭᠦᠯᠡᠯ ᠳᠦ ᠮᠣᠩᠭᠤᠯ ᠤᠨ ᠤᠯᠠᠮᠵᠢᠯᠠᠯᠲᠤ ᠰᠤᠶᠤᠯ ᠤᠨ ᠰᠢᠯᠢᠳᠡᠭ ᠤᠯᠠᠮᠵᠢᠯᠠᠯ ᠪᠠ ᠲᠡᠦᠬᠡᠨ ᠦᠢᠯᠡᠳᠦᠯ ᠢ ᠨᠤᠲᠠᠯᠠᠭᠰᠠᠨ ᠤ ᠬᠠᠮᠲᠤ ᠣᠳᠣᠬᠢ ᠪᠠᠢᠳᠠᠯ ᠳᠤ ᠪᠤᠳᠤᠯᠭ᠋ᠠᠰᠢᠷᠠᠨ ᠨᠠᠷᠢᠨ ᠲᠤᠩᠭ᠋ᠠᠯᠲᠠ ᠬᠢᠬᠦ ᠪᠡᠷ ᠳᠠᠮᠵᠢᠨ ᠶᠠᠭ᠋ᠤ ᠪᠠᠷ ᠢᠶᠠᠨ ᠮᠠᠨ ᠤ ᠮᠣᠩᠭᠤᠯ ᠪᠤᠰᠤᠳ ᠠᠴᠠ ᠬᠤᠴᠤᠷᠠᠭᠰᠠᠨ ᠪᠠ ᠶᠠᠭ᠋ᠠᠬᠢᠭ᠋ᠠᠳ ᠬᠤᠴᠤᠷᠠᠭᠰᠠᠨ ᠲᠤᠬᠠᠢ ᠰᠢᠭᠦᠮᠵᠢᠯᠡᠨ ᠦᠭᠦᠯᠡᠵᠦ᠂ ᠮᠣᠩᠭᠤᠯ ᠤᠨ ᠦᠨᠳᠦᠰᠦᠲᠡᠨ ᠦ ᠰᠢᠨ᠎ᠡ ᠰᠤᠶᠤᠯ ᠤᠨ ᠴᠤᠭᠴᠠᠯᠠᠯᠲᠠ ᠶᠢᠨ ᠲᠤᠬᠠᠢ ᠵᠤᠷᠢᠭᠲᠠᠢ ᠰᠦᠪᠡᠭᠴᠢᠯᠡᠯ ᠬᠢᠭᠰᠡᠨ ᠪᠠᠢᠨ᠎ᠠ᠃ |