摘要 |
ᠠᠯᠠᠱᠠ ᠳ᠋ᠡᠬᠢ ᠪᠤᠷᠬᠠᠨ ᠱᠠᠰᠢᠨ ᠤ ᠲᠡᠦᠬᠡ ᠨᠢ ᠮᠤᠩᠭ᠋ᠤᠯ ᠤᠷᠤᠨ᠎ᠠ ᠬᠦᠴᠦ ᠲᠠᠢ ᠲᠡᠯᠭᠡᠷᠡᠵᠦ ᠠᠭᠰᠠᠨ ᠲᠦᠪᠡᠳ ᠪᠤᠷᠬᠠᠨ ᠱᠠᠰᠢᠨ ᠤ ᠭᠡᠯᠦ᠋ᠭ᠍ᠪᠡ ᠶᠢᠨ ᠰᠯᠠᠪᠤᠷᠢ ᠶᠢᠨ ᠲᠡᠯᠭᠡᠷᠡᠯᠳᠡ ᠯᠤᠭᠡ ᠰᠢᠭᠤᠳ ᠬᠤᠯᠪᠤᠭᠳᠠᠨ᠎ᠠ᠃ ᠴᠢᠩ ᠤᠯᠤᠰ ᠤᠨ ᠵᠠᠰᠠᠭ ᠤᠨ ᠭᠠᠵᠠᠷ ᠤᠨ ᠰᠢᠷ᠎ᠠ ᠶᠢᠨ ᠱᠠᠰᠢᠨ ᠢ ᠶᠡᠬᠡ ᠪᠡᠷ ᠲᠡᠮᠵᠢᠨ ᠲᠡᠯᠭᠡᠷᠡᠬᠦᠯᠬᠦ ᠲᠦᠷᠦ ᠶᠢᠨ ᠪᠤᠳᠤᠯᠭ᠎ᠠ ᠶᠢᠨ ᠲᠤᠤᠷ᠎ᠠ᠂ ᠠᠯᠠᠱᠠ ᠳᠤ ᠰᠦᠮ᠎ᠡ ᠬᠡᠢ᠌ᠳ ᠤᠯᠠᠨ ᠪᠠᠢ᠌ᠭᠤᠯᠤᠭᠳᠠᠵᠤ᠂ ᠬᠤᠳᠤᠭᠳᠤ ᠬᠤᠪᠢᠯᠭᠠᠳ ᠤᠯᠠᠨ ᠲᠤᠳᠤᠷᠠᠭᠰᠠᠨ ᠪᠦᠭᠡᠳ ᠯᠠᠮᠠ ᠡᠷᠳᠡᠮᠳᠡᠳ ᠴᠤ ᠮᠠᠰᠢ ᠤᠯᠠᠨ ᠴᠤᠯᠭᠤᠷᠠᠨ ᠭᠠᠷᠴᠠᠢ᠃ ᠦᠭᠦᠯᠡᠯ ᠳᠤ᠂ ᠠᠯᠠᠱᠠ ᠳ᠋ᠡᠬᠢ ᠪᠤᠷᠬᠠᠨ ᠱᠠᠰᠢᠨ ᠤ ᠲᠡᠦᠬᠡ᠂ ᠰᠦᠮ᠎ᠡ ᠬᠡᠢ᠌ᠳ᠂ ᠬᠤᠳᠤᠭᠳᠤ ᠬᠤᠪᠢᠯᠭᠠᠳ ᠪᠠ ᠡᠷᠳᠡᠮᠳᠡᠳ ᠤᠨ ᠵᠤᠬᠢᠶᠠᠯ ᠪᠦᠳᠦᠭᠡᠯ ᠤᠨ ᠲᠤᠬᠠᠢ ᠮᠦᠴᠢᠳ ᠦᠭᠦᠯᠡᠬᠦ ᠶᠢᠨ ᠲᠠᠭᠠᠤ ᠭᠠᠳᠠᠭᠠᠳᠤ ᠲᠤᠳᠤᠭᠠᠳᠤ ᠶᠢᠨ ᠡᠨᠡ ᠲᠤᠬᠠᠢ ᠬᠠᠮᠢᠶ᠎ᠠ ᠪᠦᠬᠦᠢ ᠰᠤᠳᠤᠯᠭᠠᠨ ᠤ ᠲᠤᠢ᠌ᠮᠤ ᠶᠢ ᠲᠦᠭᠦᠮ ᠲᠠᠨᠢᠯᠴᠠᠭᠤᠯᠬᠤ ᠪᠡᠷ ᠵᠤᠷᠢᠵᠠᠢ᠃ |