摘要 |
ᠴᠠᠬᠠᠷ ᠬᠡᠪᠰᠢ ᠯᠤᠪᠰᠠᠩᠴᠦ᠋ᠯᠳᠦ᠋ᠮ ᠤᠨ ᠵᠣᠬᠢᠶᠠᠨ ᠪᠦᠲᠦᠭᠡᠯ ᠤᠨ ᠲᠤᠳᠤᠷ ᠠ《ᠴᠠᠬᠠᠷ ᠬᠡᠪᠰᠢ ᠶᠢᠨ ᠬᠦᠭᠡ ᠲᠡᠪᠲᠡᠷ》᠂《ᠴᠠᠭᠠᠨ ᠠᠭᠤᠯᠠ ᠶᠢᠨ ᠬᠦᠭᠡ ᠲᠡᠪᠲᠡᠷ》《ᠡᠷᠲᠡᠨᠢᠳᠦᠰᠢ ᠶᠢᠨ ᠰᠦᠮ ᠠ ᠶᠢᠨ ᠬᠦᠬᠡ ᠲᠡᠪᠲᠡᠷ》ᠭᠡᠬᠦ ᠵᠣᠬᠢᠶᠠᠯ ᠤᠨ ᠨᠡᠷ ᠡ ᠲᠤᠷᠠᠳᠤᠭᠳᠠᠳᠠᠭ ᠪᠦᠭᠡᠳ ᠡᠭᠦᠨ ᠤ ᠲᠣᠬᠠᠢ ᠦᠩᠬᠡᠷᠡᠭᠰᠡᠨ ᠳ᠋ᠤ ᠡᠷᠲᠡᠮᠲᠡᠳ ᠤᠨ ᠰᠣᠳᠤᠯᠤᠯᠭᠠᠨ ᠤ ᠨᠣᠮ ᠵᠣᠬᠢᠶᠠᠯ ᠳᠠᠭᠠᠨ ᠵᠦᠪᠬᠡᠨ ᠨᠡᠷ ᠡ ᠵᠢ ᠨᠢ ᠲᠤᠷᠠᠳᠬᠤ ᠲᠡᠳᠤᠢ ᠪᠢᠰᠢ᠂ ᠲᠡᠭᠦᠨ ᠤ ᠲᠤᠳᠤᠷᠬᠠᠢᠯᠠᠵᠤ ᠲᠠᠨᠢᠯᠴᠠᠭᠤᠯᠤᠭᠰᠠᠨ ᠪᠣᠶᠪ ᠰᠣᠳᠤᠯᠵᠤ ᠰᠢᠨᠵᠢᠯᠡᠭᠰᠡᠨ ᠵᠦᠢᠯ ᠬᠠᠷᠠᠬᠠᠨ ᠴᠦᠬᠡᠨ ᠪᠠᠢᠭᠰᠠᠭᠠᠷ ᠶᠣᠮ᠃ ᠡᠢᠮᠦ ᠡᠴᠡ ᠴᠠᠬᠠᠷ ᠬᠡᠪᠰᠢ ᠯᠣᠪᠰᠠᠩᠴᠦ᠋ᠯᠳᠦᠮ ᠰᠣᠳᠣᠯᠣᠯ ᠤᠨ ᠴᠢᠯᠠᠭᠰᠢᠲᠠ ᠶᠢᠨ ᠬᠦᠨᠵᠡᠭᠡᠢᠢᠷᠡᠯ ᠳ᠋ᠦ ᠦᠴᠦᠭᠡᠨ ᠴᠦ ᠪᠣᠯᠳᠤᠭᠠᠢ ᠲᠤᠰ ᠠᠨᠡᠮᠷᠢ ᠪᠣᠯᠭᠠᠬᠤ ᠰᠠᠨᠠᠭ᠎ᠠ ᠡᠪᠦᠷᠯᠡᠵᠦ᠂ ᠡᠷᠲᠡᠮᠲᠡᠨ ᠰᠣᠳᠤᠯᠤᠭᠴᠢᠳ ᠲᠦ ᠯᠠᠪᠯᠠᠯᠲᠠ ᠪᠣᠯᠭᠠᠬᠤ ᠭᠠᠷ ᠲᠦ ᠤᠯᠳᠠᠭᠰᠠᠨ ᠮᠠᠲ᠋ᠧᠷᠢᠶᠠᠯ ᠤᠳ ᠲᠤ ᠲᠠᠯᠭᠠᠭᠤᠷᠢᠯᠠᠨ ᠲᠤᠰ ᠵᠣᠬᠢᠶᠠᠯ ᠤᠨ ᠲᠣᠬᠠᠢ ᠲᠤᠪᠴᠢ ᠰᠢᠨᠵᠢᠯᠡᠯ ᠬᠢᠬᠦ ᠵᠢ ᠵᠣᠷᠢᠪᠠ᠃ |