摘要 |
ᠨᠢᠭᠡ ᠬᠡᠯᠡᠨ ᠳᠦ᠂ ᠲᠤᠭᠠᠨ ᠤ ᠤᠬᠠᠭᠳᠠᠬᠤᠨ ᠢ ᠭᠤᠤᠯᠳᠠᠭᠤ ᠦᠭᠡᠰ ᠦᠨ ᠰᠠᠩ ᠤᠨ ᠪᠤᠶᠤ ᠬᠡᠯᠡᠨ ᠦ ᠵᠦᠢ ᠶᠢᠨ ᠬᠤᠶᠠᠷ ᠯᠠ ᠠᠷᠭ᠎ᠠ ᠵᠠᠮ ᠢᠶᠠᠷ ᠢᠯᠡᠷᠡᠭᠦᠯᠳᠡᠭ ᠶᠤᠮ᠃ ᠦᠭᠡᠰ ᠦᠨ ᠰᠠᠩ ᠤᠨ ᠠᠷᠭ᠎ᠠ ᠵᠠᠮ ᠳᠤ᠂ ᠲᠤᠭᠠᠨ ᠤ ᠦᠭᠡ ᠪᠤᠶᠤ ᠲᠤᠭᠠᠨ ᠤ ᠦᠭᠡ ᠲᠠᠢ ᠬᠤᠯᠪᠤᠭᠳᠠᠭᠰᠠᠨ ᠦᠭᠡᠰ ᠢ ᠬᠡᠷᠡᠭᠯᠡᠬᠦ ᠶᠢ ᠪᠠᠭᠲᠠᠭᠠᠨ᠎ᠠ᠃ ᠡᠳᠡᠭᠡᠷ ᠦᠭᠡᠰ ᠨᠢ ᠲᠤᠳᠤᠳᠬᠠᠭᠳᠠᠵᠤ ᠪᠠᠢᠭ᠎ᠠ ᠦᠭᠡᠨ ᠡᠴᠡ ᠠᠩᠭᠢᠳᠠ ᠪᠡᠶ᠎ᠡ ᠪᠡᠨ ᠳᠠᠭᠠᠭᠠᠭᠰᠠᠨ 《ᠲᠤᠭᠠᠨ》 ᠤ ᠤᠬᠠᠭᠳᠠᠬᠤᠨ ᠢ ᠢᠯᠡᠳᠭᠡᠭᠡᠳ ᠲᠤᠳᠤᠳᠬᠠᠭᠳᠠᠵᠤ ᠪᠤᠢ ᠦᠭᠡᠨ ᠳᠦ 《ᠲᠤᠭᠠᠨ ᠤ ᠰᠡᠷᠢᠯ》 ᠲᠡᠢ ᠪᠤᠯᠭᠠᠳᠠᠭ ᠶᠤᠮ᠃ ᠬᠠᠷᠢᠨ ᠲᠤᠳᠤᠳᠬᠠᠭᠳᠠᠵᠤ ᠪᠠᠢᠭ᠎ᠠ ᠦᠭᠡᠨ ᠦ ᠬᠤᠪᠢ ᠳᠤ ᠠᠪᠴᠤ ᠬᠡᠯᠡᠪᠡᠯ᠂ ᠲᠤᠭᠠᠨ ᠤ ᠰᠡᠷᠢᠯ ᠨᠢ ᠡᠳᠡᠭᠡᠷ ᠦᠭᠡᠰ ᠦᠨ ᠲᠤᠬᠢᠷᠠᠭᠠᠨ ᠳᠤ ᠲᠤᠯᠭᠠᠭᠤᠷᠢᠯᠠᠨ᠎ᠠ᠃ |