题名 |
ᠰᠦᠬᠡ ᠂ ᠲᠤᠯᠤᠨᠵᠢᠩ᠂ ᠮᠠᠭᠤᠦ᠌ᠬᠢᠨ ᠬᠡᠭᠦ ᠨᠡᠷ ᠡ ᠶᠢᠨ ᠪᠡᠯᠭᠡ ᠶᠢᠨ ᠰᠢᠳᠦᠯᠭᠡ ᠶᠢᠨ ᠤᠴᠢᠷ |
作者 |
ᠴᠢ᠂ ᠡᠷᠳᠡᠨᠢᠪᠠᠶᠠᠷ |
关键词 |
ᠮᠣᠩᠭᠣᠯ ᠬᠦᠮᠦᠨ ᠦ ᠨᠡᠷ ᠠ; ᠪᠡᠯᠭᠡ ᠶᠢᠨ ᠰᠢᠳᠦᠯᠭᠡ; ᠤᠴᠢᠷ ᠶᠤᠰᠤ |
摘要 |
ᠮᠣᠩᠭᠣᠯ ᠬᠦᠮᠦᠨ ᠦ ᠨᠡᠷ ᠠ ᠳᠤ ᠨᠢᠭᠡ ᠪᠦᠯᠦᠭ ᠪᠡᠯᠭᠡ ᠶᠢᠨ ᠰᠢᠳᠦᠯᠬᠡ ᠳᠤ ᠬᠤᠯᠪᠤᠭ᠎ᠠ ᠲᠠᠢ ᠨᠡᠷ ᠠ ᠪᠠᠢ᠌ᠳᠠᠭ᠃ ᠳᠡᠷᠡ ᠨᠢ ᠰᠦᠬᠡ ᠂ ᠲᠤᠯᠤᠨᠵᠢᠩ᠂ ᠮᠠᠭᠤᠦ᠌ᠬᠢᠨ ᠬᠡᠭᠦ ᠨᠡᠷ ᠡ ᠶᠢᠨ ᠵᠡᠷᠭᠡ ᠪᠤᠯᠤᠨ᠎ᠠ᠃ 《ᠰᠦᠬᠡ 》ᠬᠡᠳᠡᠭ ᠨᠡᠷ ᠠ ᠪᠤᠯ ᠡᠷᠡᠭᠳᠡᠢ ᠬᠦᠮᠦᠨ ᠦ ᠪᠡᠯᠭᠡ ᠶᠢᠨ ᠡᠷᠭᠡᠳᠡᠨ ᠦ ᠲᠦᠯᠦᠭᠡᠯᠡᠯ ᠪᠤᠯᠤᠭᠰᠠᠨ ᠰᠦᠬᠡ ᠪᠡᠷ ᠬᠡᠦᠬᠡᠳ ᠤᠨ ᠶᠢᠨᠨ ᠠᠮᠢ ᠭᠤᠤᠯ ᠢ ᠪᠠᠳᠤᠯᠠᠵᠤ ᠬᠠᠮᠠᠭᠠᠯᠠᠬᠤ ᠬᠡᠰᠡᠨ ᠤᠴᠢᠷ ᠶᠤᠮ᠂ 《ᠲᠤᠯᠤᠨᠵᠢᠩ》ᠮᠡᠳᠦ ᠶᠢᠨ ᠵᠢᠩ ᠤᠨ ᠲᠤᠭ᠎ᠠ ᠪᠡᠷ ᠨᠡᠷᠡᠯᠡᠭᠰᠡᠨ ᠨᠡᠷ ᠡ ᠪᠤᠯ ᠬᠡᠦᠬᠡᠳ ᠶᠢᠨᠨ ᠲᠦᠷᠦᠭᠰᠡᠨ ᠳᠠᠷᠤᠢ ᠵᠢᠩᠯᠡᠵᠦ᠂ ᠡᠷ ᠡ ᠪᠡᠯᠭᠡ ᠶᠢᠨ ᠪᠡᠯᠬᠡᠳᠡᠯ ᠪᠤᠯᠤᠭᠰᠠᠨ ᠵᠢᠩᠯᠡᠭᠦᠷ ᠤᠨ ᠲᠠᠳᠬᠠᠢ ᠪᠠᠷ ᠬᠡᠦᠬᠡᠳ ᠤᠨ ᠶᠢᠨᠨ ᠠᠮᠢ ᠨᠠᠰᠤ ᠶᠢ ᠪᠦᠬᠡᠯᠡᠵᠦ ᠰᠠᠬᠢᠭᠤᠯᠬᠤ ᠬᠡᠰᠡᠨ ᠶᠤᠰᠤ ᠶᠤᠮ᠃ ᠡᠷᠡᠭᠳᠡᠢ ᠬᠦᠮᠦᠨ ᠦ 《ᠮᠠᠭᠤᠦ᠌ᠬᠢᠨ》 ᠬᠡᠳᠡᠭ ᠨᠡᠷ ᠠ ᠪᠤᠯ ᠡᠷ ᠡ ᠪᠡᠯᠬᠡᠳᠦ ᠮᠠᠬᠠᠪᠤᠳ ᠪᠡᠶ ᠡ ᠬᠢᠭᠡᠳ ᠡᠮ ᠡ ᠪᠡᠯᠬᠡᠳᠦ ᠨᠡᠷᠡᠢ᠌ᠳᠦᠯ ᠬᠤᠶᠠᠷ ᠤᠨ ᠨᠢᠭᠡᠳᠦᠯ ᠶᠢᠨᠷ ᠬᠡᠦᠬᠡᠳ ᠤᠨ ᠶᠢᠨᠨ ᠠᠮᠢ ᠰᠦᠨᠡᠰᠦ ᠶᠢ ᠪᠡᠬᠢᠯᠡᠵᠦ ᠲᠤᠭᠳᠠᠭᠠᠬᠤ ᠬᠡᠰᠡᠨ ᠤᠬᠠᠭᠠᠨ ᠶᠤᠮ᠃ ᠡᠳᠡᠭᠡᠷ ᠨᠡᠷ ᠠ ᠪᠤᠯ ᠪᠦᠷ ᠯᠠ ᠪᠡᠯᠬᠡ ᠶᠢᠨ ᠰᠢᠳᠦᠯᠭᠡ ᠶᠢᠨ ᠰᠢᠳᠦᠭᠡᠨ ᠦ ᠷᠠᠳᠢ ᠰᠢᠲᠢ ᠪᠡᠷ ᠬᠡᠦᠬᠡᠳ ᠤᠨ ᠶᠢᠨᠨ ᠠᠮᠢ ᠭᠤᠤᠯ ᠢ ᠲᠤᠭᠳᠠᠭᠠᠵᠤ ᠬᠠᠮᠠᠭᠠᠯᠠᠬᠤ ᠬᠡᠰᠡᠨ ᠰᠢᠳᠦᠯᠭᠡ ᠪᠢᠰᠢᠷᠡᠯ ᠤᠨ ᠵᠤᠷᠢᠭᠤᠯᠤᠯᠲᠠ ᠲᠠᠢ ᠬᠦᠮᠦᠨ ᠦ ᠨᠡᠷ ᠠ ᠪᠠᠢ᠌ᠵᠠᠢ᠃ |
原文 |
查看原文
|
出自 |
内蒙古大学学报
2005年
第5期
|