摘要 |
ᠰᠢᠪᠠᠭᠤᠨ ᠤ ᠲᠤᠬᠠᠢ ᠰᠢᠲᠦᠯᠭᠡ ᠪᠢᠰᠢᠷᠡᠯ᠂ ᠪᠡᠯᠭᠡᠳᠡᠯ ᠰᠠᠨᠠᠭ᠎ᠠ᠂ ᠤᠮᠠᠷᠠᠲᠤ ᠶᠢᠨ ᠦᠨᠳᠦᠰᠦᠲᠡᠨ ᠦ ᠵᠠᠩ ᠦᠢᠯᠡ᠂ ᠱᠠᠰᠢᠨ ᠰᠢᠲᠦᠯᠭᠡ᠂ ᠪᠠᠷᠢᠮᠠᠯ ᠰᠡᠶᠢᠯᠦᠮᠡᠯ᠂ ᠬᠠᠳᠠ ᠴᠢᠯᠠᠭᠤ᠂ ᠦᠯᠢᠭᠡᠷ ᠳᠤᠮᠤᠭ ᠵᠡᠷᠭᠡ ᠳᠦ ᠴᠦᠮ ᠢᠯᠡᠷᠡᠳᠡᠭ᠃ ᠰᠢᠪᠠᠭᠤ ᠪᠤᠯ ᠰᠦᠨᠡᠰᠦᠨ ᠦ ᠠᠴᠢᠶᠠᠯᠠᠭᠴᠢ ᠪᠡᠶ᠎ᠡ᠂ ᠡᠰᠡᠭᠦᠯ᠎ᠡ ᠰᠦᠨᠡᠰᠦ ᠶᠢ ᠬᠦᠳᠦᠯᠦᠭᠴᠢ ᠮᠦᠨ ᠭᠡᠳᠡᠭ ᠤᠶᠢᠯᠠᠭᠠᠯᠲᠠ ᠪᠤᠯ ᠮᠠᠰᠢ ᠡᠷᠲᠡᠨ ᠡᠴᠡ ᠡᠭᠦᠰᠦᠯ ᠲᠡᠢ ᠨᠢᠭᠡᠨ ᠪᠠᠯᠠᠷᠯᠢᠭ ᠰᠢᠲᠦᠯᠭᠡ ᠪᠢᠰᠢᠷᠡᠯ ᠦᠨ ᠳᠦᠷᠦᠳᠡᠰᠦ ᠪᠠᠶᠢᠭ᠎ᠠ ᠶᠤᠮ᠃ ᠡᠶᠢᠮᠦ ᠤᠶᠢᠯᠠᠭᠠᠯᠲᠠ ᠲᠠᠢ ᠪᠠᠶᠢᠭᠰᠠᠨ ᠤ ᠰᠢᠯᠲᠠᠭᠠᠨ ᠢᠶᠠᠷ ᠡᠷᠲᠡᠨ ᠦ ᠬᠦᠮᠦᠰ ᠦᠨ ᠤᠷᠤᠰᠢᠭᠤᠯᠭ᠎ᠠ ᠶᠢᠨ ᠶᠤᠰᠤᠨ ᠳᠤ ᠦᠬᠦᠭ᠍ᠰᠡᠳ ᠦᠨ ᠰᠦᠨᠡᠰᠦ ᠶᠢ ᠰᠢᠪᠠᠭᠤ ᠪᠠᠷ ᠤᠳᠤᠷᠢᠳᠤᠨ ᠵᠠᠮᠴᠢᠯᠠᠭᠤᠯᠵᠤ ᠳᠡᠭᠡᠳᠦ ᠲᠡᠭᠷᠢ ᠪᠤᠶᠤ ᠴᠢᠨᠠᠲᠤ ᠶᠢᠷᠲᠢᠨᠴᠦ ᠳᠦ ᠬᠦᠷᠭᠡᠳᠡᠭ ᠶᠤᠰᠤᠯᠠᠯ ᠦᠢᠯᠡᠳᠦᠳᠡᠭ ᠪᠤᠯᠤᠭᠰᠠᠨ ᠪᠠᠶᠢᠵᠠᠢ᠃ |